ᠭᠥᠴᠥᠨ ᠭᠠᠷᠬᠤ ᠬᠢᠭᠡᠳ ᠢᠨᠴᠠᠭᠯᠠᠬᠤ
ᠨᠡᠶᠢᠲᠡᠯᠡᠭᠰᠡᠨ ᠴᠠᠭ᠄
2018-06-08
    ᠡᠷᠳᠡ ᠨᠢᠭᠡᠨ ᠴᠠᠭ᠂ ᠠᠮᠢᠳᠠᠨ ᠤ ᠬᠠᠭᠠᠨ ᠠᠷᠰᠯᠠᠨ ᠠᠷᠭ᠎ᠠ ᠵᠠᠯᠢᠳᠤ ᠥᠨᠡᠭᠡ ᠬᠤᠶᠠᠭᠤᠯᠠ ᠬᠠᠮᠳᠤ   ᠠᠭᠰᠠᠨ᠎ᠠ᠂ ᠠᠩ ᠬᠢᠭᠦᠢ ᠳᠤᠷ ᠢᠮᠠᠭᠳᠠ ᠴᠤᠭ ᠶᠠᠪᠤᠳᠠᠭ ᠠᠭᠠᠳ ᠠᠷᠰᠯᠠᠨ ᠤ ᠭᠥᠷᠥᠭᠡᠯᠡᠭᠰᠡᠨ ᠮᠢᠬᠠᠨ ᠠᠴᠠ ᠢᠨᠤ ᠥᠨᠡᠭᠡ ᠲᠤᠵᠢ ᠬᠤᠪᠢᠶᠠᠵᠤ ᠢᠳᠡᠯᠴᠡᠳᠡᠭ ᠠᠵᠤᠭᠤ᠃ ᠬᠤᠶᠢᠨ᠎ᠠ᠂ ᠠᠷᠰᠯᠠᠨ ᠪᠠᠷ ᠨᠢᠭᠡ ᠶᠡᠭᠡ ᠭᠥᠷᠥᠭᠡᠰᠤᠨ ᠪᠠᠷᠢᠭᠠᠳ ᠥᠨᠡᠭᠡ ᠶᠢ ᠭᠠᠴᠢᠵᠤ ᠲᠡᠭᠦᠨ ᠳᠤᠷ ᠥᠭᠦᠯᠡᠷᠥᠨ᠂ ᠡᠨᠡ ᠮᠢᠬᠠᠨ ᠢ ᠡᠭᠦᠷᠴᠥ ᠮᠢᠨᠤ ᠪᠠᠶᠢᠳᠠᠭ ᠭᠠᠵᠠᠷ᠎ᠠ ᠭᠥᠷᠭᠡᠭᠳᠥᠨ᠂ ᠡᠰᠡ ᠪᠥᠭᠡᠰᠤ ᠮᠢᠬ᠎ᠠ ᠪᠤᠤ ᠢᠳᠡᠭᠳᠥᠨ ᠭᠡᠮᠡᠭᠦᠢ ᠳᠤᠷ᠂ ᠥᠨᠡᠭᠡ ᠡᠴᠢᠵᠤ ᠠᠩ ᠤᠨ ᠮᠢᠬ᠎ᠠ ᠶᠢ ᠰᠡᠮ ᠵᠠᠭᠤᠵᠤ ᠲᠠᠳᠠᠪᠠᠰᠤ ᠥᠴᠥᠭᠡᠨ ᠪᠠᠷ ᠭᠥᠳᠡᠯᠭᠡᠵᠥ ᠥᠯᠥ ᠴᠢᠳᠠᠭᠰᠠᠨ᠎ᠠ ᠠᠷᠭ᠎ᠠ ᠪᠤᠳᠤᠵᠤ ᠥᠭᠦᠯᠡᠷᠥᠨ᠂ ᠨᠤᠶᠠᠨ ᠡ᠂ ᠶᠢᠷᠳᠢᠨᠴᠤ ᠶᠢᠨ ᠶᠤᠰᠤᠨ ᠳᠤᠷ ᠶᠡᠭᠡ ᠭᠥᠴᠥᠳᠤ ᠠᠮᠢᠳᠠᠳ ᠠᠨᠤ ᠬᠠᠮᠳᠤ ᠶᠠᠪᠤᠪᠠᠰᠤ ᠨᠢᠭᠡᠨ ᠢᠨᠤ ᠡᠮᠥᠨ᠎ᠡ ᠮᠢᠬ᠎ᠠ ᠡᠭᠦᠷᠴᠤ ᠰᠥᠷ ᠢ ᠪᠠᠳᠠᠷᠠᠭᠠᠬᠤ᠂ ᠨᠢᠭᠡᠨ ᠢᠨᠤ ᠬᠤᠶᠢᠨᠠᠴᠠ ᠲᠠᠭᠠᠵᠤ ᠢᠨᠴᠠᠭᠯᠠᠵᠤ ᠶᠠᠪᠤᠬᠤ ᠪᠥᠯᠥᠭᠡ᠃ ᠪᠢ ᠲᠠᠷᠠ ᠬᠤᠶᠠᠷ ᠥᠢᠯᠡ ᠶᠢ ᠨᠢᠭᠡᠨ ᠴᠤᠭ ᠥᠢᠯᠡᠳᠴᠤ ᠥᠯᠤ ᠪᠤᠯᠬᠤ ᠶᠢᠨ ᠲᠤᠯᠠ᠂ ᠨᠢᠭᠡᠨ ᠢ ᠨᠢ ᠥᠢᠯᠡᠳᠰᠥᠭᠡᠢ᠂ ᠨᠤᠶᠠᠨ ᠲᠠ ᠨᠢᠭᠡᠨ ᠢ ᠨᠢ ᠥᠢᠯᠡᠳᠪᠡᠰᠤ ᠪᠤᠯᠬᠤ ᠪᠤᠶᠤ ᠭᠡᠮᠡᠭᠰᠡᠨ᠎ᠡ᠂ ᠠᠷᠰᠯᠠᠨ ᠪᠠᠷ ᠰᠠᠨᠠᠭᠠᠨ ᠳᠠᠭᠠᠨ ᠰᠡᠳᠬᠢᠷᠥᠨ᠂ ᠪᠢ ᠭᠥᠷᠥᠭᠡᠳ ᠤᠨ ᠬᠠᠭᠠᠨ ᠮᠥᠨ ᠪᠥᠭᠡᠳ ᠤᠮᠤᠭᠳᠤ ᠭᠥᠴᠥᠳᠤ ᠪᠥᠯᠥᠭᠡ᠂ ᠶᠠᠭᠤᠨ ᠳᠤᠷ ᠡᠨᠡ ᠮᠠᠭᠤ ᠥᠨᠡᠭᠡᠨ ᠤ ᠬᠤᠶᠢᠨᠠᠴᠠ ᠲᠠᠭᠠᠵᠤ ᠢᠨᠴᠠᠭᠯᠠᠬᠤ ᠭᠡᠮᠡᠭᠡᠳ᠂ ᠲᠡᠷᠡ ᠶᠡᠭᠡ ᠭᠥᠷᠥᠭᠡᠰᠤᠨ ᠤ ᠮᠢᠬᠠᠨ ᠢ ᠶᠠᠭᠤᠨ ᠳᠤᠷ ᠴᠦ ᠪᠤᠳᠤᠯ ᠥᠭᠡᠢ ᠮᠥᠷᠥᠨ ᠳᠡᠭᠡᠨ ᠲᠤᠬᠤᠵᠤ ᠡᠭᠦᠷᠥᠭᠡᠳ ᠡᠮᠤᠨ᠎ᠡ ᠤᠷᠤᠵᠤ ᠶᠡᠭᠡ ᠠᠯᠬᠤᠮ ᠢᠶᠠᠷ ᠲᠠᠪᠰᠢᠯᠠᠨ ᠤᠳᠬᠤᠢ ᠳᠤᠷ᠂ ᠥᠨᠡᠭᠡ ᠪᠠᠷ ᠰᠡᠭᠦᠯᠳᠡᠵᠥ ᠢᠨᠴᠠᠭᠯᠠᠬᠤ ᠮᠡᠳᠤ ᠪᠤᠯᠤᠭᠰᠠᠨ ᠢᠶᠠᠨ ᠲᠠᠭᠠᠵᠤ ᠤᠴᠢᠭᠠᠳ ᠮᠢᠬᠠᠨ ᠠᠴᠠ ᠨᠢ ᠬᠤᠪᠢᠶᠠᠯᠴᠠᠨ ᠢᠳᠡᠯᠴᠡᠪᠡᠢ ᠬᠡᠮᠡᠵᠤᠬᠦᠢ᠃     ᠤᠴᠢᠷ ᠲᠡᠷᠡ ᠮᠡᠳᠤ᠂ ᠲᠡᠭᠡᠷᠡᠩᠭᠦᠢ ᠤᠮᠤᠭ ᠨᠡᠩ ᠬᠡᠳᠥᠷᠭᠡᠢ ᠪᠤᠯᠪᠠᠰᠤ ᠲᠡᠮᠡᠢ ᠭᠡᠷᠡᠭ ᠥᠭᠡᠢ ᠶᠠᠭᠤᠮᠠᠨ ᠳᠤᠷ ᠡᠷᠡᠯᠭᠡᠵᠥ ᠵᠤᠪᠠᠶᠤ᠂ ᠲᠡᠨᠡᠭ ᠠᠷᠰᠯᠠᠨ ᠭᠥᠭᠡᠷᠴᠥ ᠪᠡᠶ᠎ᠡ ᠪᠠᠨ ᠡᠷᠭᠦᠭᠡᠳ ᠲᠡᠨᠤᠮᠡᠭᠡᠢ ᠭᠥᠭᠰᠢᠨ ᠥᠨᠡᠭᠡᠨ ᠳᠤᠷ ᠬᠠᠭᠤᠷᠳᠠᠭᠰᠠᠨ ᠯᠤᠭ᠎ᠠ ᠨᠢᠭᠡᠨ ᠠᠳᠠᠯᠢ ᠪᠢᠰᠢᠶᠤ᠃                                                                      
 
ᠢᠷᠡᠯᠲᠡ᠄ ︽ᠡᠷᠳᠡᠨᠢ ᠶᠢᠨ ᠰᠠᠩ ᠰᠤᠪᠠᠰᠢᠳᠢ︾ ᠠᠴᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号