ᠠᠷᠭᠠᠳᠤ ᠲᠠᠤᠯᠠᠢ ᠠᠷᠰᠯᠠᠨ ᠢ ᠲᠡᠶᠢᠯᠥᠭᠰᠠᠨ ᠭᠡᠮᠡᠭᠦ ᠢᠨᠥ
ᠨᠡᠶᠢᠲᠡᠯᠡᠭᠰᠡᠨ ᠴᠠᠭ᠄
2018-06-08
    ᠡᠷᠳᠡ ᠨᠢᠭᠡᠨ ᠴᠠᠭ᠂ ᠠᠷᠢᠶᠠᠳᠠᠨ ᠤ ᠬᠠᠭᠠᠨ ᠠᠷᠰᠯᠠᠨ ᠬᠠᠮᠤᠭ ᠭᠥᠷᠥᠭᠡᠳ ᠢ ᠬᠤᠷᠢᠶᠠᠵᠤ ᠡᠳᠥᠷ ᠪᠥᠷᠢ ᠠᠯᠪᠠᠴᠢᠯᠡᠨ ᠡᠭᠡᠯᠵᠢ ᠪᠠᠷ ᠪᠠᠷᠢᠵᠤ ᠢᠳᠡᠳᠡᠭ ᠪᠠᠶᠢᠯᠤᠭ᠎ᠠ᠃  ᠲᠡᠳᠤ᠂ ᠨᠢᠭᠡᠨ ᠡᠳᠥᠷ ᠲᠠᠤᠯᠠᠢ ᠳᠤᠷ ᠢᠳᠡᠭᠳᠡᠭᠦ ᠵᠢᠰᠢᠶ᠎ᠠ ᠲᠤᠰᠴᠤ᠂ ᠠᠷᠰᠯᠠᠨ ᠥᠭᠦᠯᠡᠷᠤᠨ ᠴᠢ ᠪᠢᠴᠢᠬᠠᠨ ᠠᠮᠢᠳᠠᠨ᠂ ᠮᠢᠨᠤ ᠰᠢᠳᠥᠨ ᠳᠤᠷ ᠲᠤᠷᠬᠤ ᠮᠢᠬᠠᠨ ᠥᠭᠡᠢ᠂ ᠨᠠᠳᠤᠷ ᠲᠤᠰᠠ ᠠᠨᠤ ᠪᠠᠭ᠎ᠠ ᠲᠤᠯᠠ ᠴᠢᠨᠤ ᠠᠮᠢᠨ᠎ᠠ ᠭᠠᠷᠤᠵᠠ ᠪᠤᠯᠬᠤ ᠠᠴᠠ ᠥᠭᠡᠷ᠎ᠡ ᠭᠡᠷᠡᠭ ᠥᠭᠡᠢ ᠭᠡᠮᠡᠭᠦᠢ ᠳᠤᠷ ᠲᠠᠤᠯᠠᠢ ᠥᠭᠦᠯᠡᠷᠤᠨ᠂ ᠬᠠᠭᠠᠨ ᠤ ᠵᠠᠷᠯᠢᠭ ᠮᠠᠰᠢ ᠵᠥᠪ ᠪᠤᠯᠠᠢ᠃ ᠰᠠᠨᠠᠪᠠᠰᠤ ᠬᠠᠭᠠᠨ ᠲᠠ ᠭᠠᠭᠴᠠ ᠪᠠᠭ᠎ᠠ ᠪᠠᠭᠤᠷᠠᠢ  ᠶᠢ ᠢᠳᠡᠭᠦ ᠠᠴᠠ ᠪᠤᠰᠤ ᠶᠡᠭᠡ ᠪᠡᠶᠡᠳᠡᠨ ᠢ ᠠᠶᠤᠵᠤ ᠪᠠᠷᠢᠵᠤ ᠴᠢᠳᠠᠳᠠᠭ ᠥᠭᠡᠢ ᠠᠵᠤᠭᠤ ᠭᠡᠮᠡᠪᠡᠰᠤ ᠠᠷᠰᠯᠠᠨ᠂ ᠪᠢ ᠶᠠᠮᠪᠠᠷ ᠶᠡᠭᠡ ᠪᠡᠶᠡᠳᠡᠨ ᠠᠴᠠ ᠭᠡᠵᠢᠶ᠎ᠡ ᠠᠶᠤᠳᠠᠭ ᠪᠠᠶᠢᠪᠠ ᠭᠡᠮᠡᠨ ᠠᠭᠤᠷᠰᠠᠬᠤᠶ᠎ᠠ  ᠲᠠᠤᠯᠠᠢ ᠥᠭᠦᠯᠡᠷᠤᠨ᠂ ᠬᠤᠯᠠ ᠪᠤᠰᠤ ᠭᠠᠵᠠᠷ ᠶᠡᠭᠡ ᠪᠡᠶ᠎ᠡ ᠲᠠᠢ ᠨᠢᠭᠡ ᠲᠤᠭᠰᠢᠨ ᠠᠮᠢᠳᠠᠨ ᠪᠤᠢ᠃  ᠲᠡᠷᠡ ᠪᠠᠷ᠂ ᠠᠷᠰᠯᠠᠨ ᠨᠤᠭᠤᠳ ᠨᠠᠳᠠᠴᠠ ᠠᠶᠤᠵᠤ᠂ ᠪᠢ ᠴᠠᠭ ᠥᠷᠭᠦᠯᠵᠢ ᠠᠷᠰᠯᠠᠨ ᠢ ᠪᠠᠷᠢᠵᠥ  ᠢᠳᠡᠭᠦᠢ ᠶᠢ ᠰᠠᠨᠠᠮᠤᠢ ᠬᠡᠮᠡᠵᠥ ᠮᠠᠰᠢᠳᠠ ᠪᠠᠷᠳᠠᠮᠨᠠᠮᠤᠢ ᠭᠡᠮᠡᠪᠡᠰᠤ᠂ ᠠᠷᠰᠯᠠᠨ ᠨᠠᠩᠳᠠ ᠲᠤᠭᠰᠢᠷᠠᠨ ᠬᠢᠯᠢᠩᠯᠡᠵᠥ᠂ ᠲᠠᠶᠢᠨ ᠨᠠᠳᠠ ᠯᠤᠭ᠎ᠠ ᠲᠡᠩᠴᠡᠭᠴᠢ ᠲᠡᠷᠡ ᠶᠡᠭᠡ ᠭᠥᠴᠥᠳᠤ ᠠᠮᠢᠳᠠᠨ ᠡᠳᠥᠭᠡ ᠬᠠᠮᠢᠭ᠎ᠠ ᠪᠤᠢ᠂ ᠲᠠᠷᠤᠢ ᠤᠴᠢᠰᠤᠭᠠᠢ ᠭᠡᠮᠡᠨ ᠲᠠᠪᠰᠢᠯᠠᠨ ᠤᠳᠬᠤᠶ᠎ᠠ ᠲᠠᠤᠯᠠᠢ ᠵᠠᠮ ᠤᠳᠤᠷᠢᠳᠪᠠᠢ᠃ ᠤᠷᠢᠳᠠᠴᠠ ᠥᠵᠡᠨ ᠪᠡᠯᠡᠳᠥᠭᠰᠠᠨ ᠲᠠᠤᠯᠠᠢ ᠭᠥᠨ ᠡᠷᠬᠢᠳᠤ ᠭᠥᠪ ᠤᠨ ᠲᠡᠷᠭᠡᠳᠡ ᠭᠥᠷᠴᠤ ᠠᠷᠰᠯᠠᠨ ᠳᠤᠷ ᠵᠠᠬᠢᠨ ᠥᠭᠦᠯᠡᠷᠥᠨ᠂ ᠲᠡᠷᠡ ᠪᠠᠷ ᠭᠥᠴᠥᠨ ᠢᠨᠤ ᠭᠠᠶᠢᠬᠠᠮᠰᠢᠭ ᠶᠡᠭᠡ᠂ ᠪᠠᠰᠠ ᠰᠢᠷᠥᠭᠦᠨ ᠱᠠᠯᠠᠪ ᠲᠥᠷᠭᠡᠴᠢ ᠪᠥᠯᠥᠭᠡ᠃ ᠬᠠᠭᠠᠨ ᠮᠢᠨᠤ᠂ ᠲᠠ ᠤᠷᠢᠳ ᠢᠶᠠᠷ ᠵᠠᠪᠳᠤᠨ ᠪᠠᠷᠢᠪᠠᠰᠤ ᠰᠠᠶᠢᠨ  ᠪᠤᠶᠤ᠂ ᠬᠡᠷᠪᠡᠵᠢᠶ᠎ᠠ ᠲᠡᠷᠡ ᠤᠷᠢᠳᠠᠵᠤ ᠥᠰᠥᠷᠪᠡᠰᠤ ᠶᠡᠭᠡᠳᠡ ᠪᠡᠷᠭᠡ ᠪᠤᠯᠤᠮᠤᠢ ᠭᠡᠮᠡᠨ ᠬᠠᠤᠬᠤᠪᠠᠰᠤ᠂ ᠠᠷᠰᠯᠠᠨ ᠭᠥᠪ ᠤᠨ ᠤᠰᠤᠨ ᠳᠤᠷ ᠲᠤᠰᠬᠤ ᠥᠪᠡᠷᠤᠨ ᠰᠡᠭᠦᠳᠡᠷ ᠶᠦᠭᠡᠨ ᠥᠯᠡᠮᠵᠢ ᠪᠡᠶᠡᠳᠤ ᠲᠤᠭᠰᠢᠨ ᠮᠢᠬᠠᠴᠢᠨ ᠰᠡᠷᠢᠭᠦᠴᠡᠵᠥ ᠭᠡᠪᠳᠡᠭᠡᠳ᠂ ᠴᠢᠮᠡᠭᠡ ᠰᠤᠨᠤᠰᠴᠤ ᠰᠡᠷᠭᠡᠶᠢᠯᠡᠵᠥ ᠰᠡᠭᠰᠡᠶᠢᠵᠤ ᠪᠠᠶᠢᠨᠠᠮ ᠭᠡᠮᠡᠨ ᠲᠠᠰᠢᠶᠠᠷᠠᠨ᠂ ᠠᠭᠤᠷ ᠤᠨ ᠮᠤᠩᠬᠠᠭ ᠤᠬᠠᠭᠠᠨ ᠤ ᠬᠠᠷᠠᠩᠭᠤᠢ  ᠠᠴᠠ ᠲᠠᠤᠯᠠᠢ ᠳᠤᠷ ᠪᠠᠴᠢᠯᠠᠭᠳᠠᠨ ᠲᠡᠮᠡᠴᠡᠨ ᠨᠤᠴᠤᠰᠤᠭᠠᠢ ᠭᠡᠮᠡᠨ ᠬᠥᠪ ᠤᠨ ᠤᠰᠤᠨ᠎ᠡ ᠤᠨᠠᠵᠤ᠂ ᠭᠠᠷᠤᠨ ᠶᠠᠳᠠᠵᠤ ᠲᠤᠭᠤᠴᠢᠭᠰᠠᠭᠠᠷ ᠡᠴᠥᠰ ᠲᠤᠷ ᠠᠮᠢᠨ ᠠᠨᠤ ᠶᠡᠭᠦᠳᠵᠥᠭᠦᠢ᠃     ᠲᠡᠭᠦᠨᠴᠢᠯᠡᠨ᠂ ᠠᠭᠤᠷ ᠤᠨ ᠮᠠᠭᠤ ᠤᠬᠠᠭᠠᠨ ᠢ ᠪᠠᠯᠠᠷᠳᠠᠭᠤᠯᠬᠤ ᠤᠴᠢᠷ᠎ᠠ ᠮᠤᠩᠬᠠᠭ ᠬᠢᠯᠢᠩ ᠢ ᠲᠡᠪᠴᠢᠭᠳᠦᠨ ᠭᠡᠮᠡᠨ ᠰᠤᠷᠭᠠᠭᠴᠢ ᠡᠶᠢᠮᠤ ᠥᠯᠢᠭᠡᠷ ᠪᠤᠶᠤ᠃
 
ᠢᠷᠡᠯᠲᠡ᠄ ︽ᠫᠠᠨᠴᠠᠳᠠᠨᠳᠠᠷ᠎ᠠ︾ ᠠᠴᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号