ᠬᠤᠳᠳᠤᠭ ᠵᠢᠭᠡᠯᠡᠭᠴᠢ ᠬᠠᠭᠠᠨ
ᠨᠡᠶᠢᠲᠡᠯᠡᠭᠰᠡᠨ ᠴᠠᠭ᠄
2018-06-08
    ᠤᠷᠢᠳᠠ᠂ ᠠᠯᠪᠠᠳᠤ ᠵᠤᠨ ᠶᠤᠭᠠᠨ ᠥᠯᠥ ᠠᠰᠠᠷᠠᠨ ᠡᠳ᠋ ᠡᠷᠳᠡᠨᠢ ᠶᠢᠨ ᠬᠤᠶᠢᠨᠠᠴᠠ ᠰᠢᠨᠤᠭᠴᠢ ᠬᠤᠪᠳᠤᠭ ᠰᠠᠨᠠᠭᠠᠳᠤ ᠲᠡᠶᠢᠮᠤ ᠬᠠᠭᠠᠨ ᠪᠠᠶᠢᠭᠰᠠᠨ ᠠᠵᠤᠭᠤ᠃ ᠲᠡᠷᠡ ᠭᠥᠷᠥᠨ ᠲᠤᠳᠤᠷ᠎ᠠ ᠨᠢᠭᠡᠨ ᠪᠠᠶᠠᠨ ᠪᠢᠷᠠᠮᠠᠨ ᠤ ᠬᠡᠷᠳᠡ ᠡᠷᠳᠡᠨ ᠤ ᠪᠤᠶᠠᠨ ᠢᠶᠠᠷ ᠥᠪᠡᠰᠥᠪᠡᠨ ᠪᠥᠳᠥᠭᠰᠡᠨ ᠨᠢᠭᠡᠨ ᠬᠤᠳᠳᠤᠭ ᠪᠤᠢ ᠪᠥᠭᠡᠳ ᠲᠤᠳᠤᠷᠠᠴᠠ ᠶᠠᠭᠤᠨ ᠭᠥᠰᠡᠭᠰᠡᠨ ᠡᠳ᠋ᠯᠡᠯ ᠪᠥᠭᠦᠳᠡ ᠭᠠᠷᠬᠤᠢ ᠲᠤᠯᠠ᠂ ᠠᠯᠢᠪᠠ ᠬᠡᠷᠡᠭᠳᠡᠨ ᠢᠶᠠᠷ ᠮᠠᠰᠢ ᠡᠯᠪᠡᠭ ᠠᠭᠰᠠᠨ ᠠᠴᠠ᠂ ᠪᠢᠷᠠᠮᠠᠨ  ᠪᠠᠷ ᠬᠠᠭᠠᠨ ᠶᠤᠭᠠᠨ ᠤᠷᠢᠵᠤ ᠭᠥᠨᠳᠥᠯᠡᠯ ᠥᠢᠯᠡᠳᠰᠥᠭᠡᠢ ᠬᠡᠮᠡᠭᠦᠢ ᠳᠤᠷ ᠬᠡᠷᠭᠡᠢ ᠭᠥᠪᠡᠭᠦᠳ ᠢᠨᠤ᠂ ᠡᠨᠡ ᠪᠠᠶᠢᠭᠴᠢ ᠬᠠᠭᠠᠨ ᠡᠷᠳᠡᠨᠢᠰ ᠤᠨ ᠵᠥᠢᠯ ᠳᠤᠷ ᠲᠤᠯᠭᠤᠨᠴᠤᠭ ᠰᠢᠨᠤᠬᠠᠢ ᠪᠥᠭᠡᠳ ᠬᠤᠤᠷᠤᠨ ᠮᠠᠭᠤ ᠰᠠᠨᠠᠭᠠᠳᠤ ᠲᠤᠯᠠ ᠰᠠᠶᠢᠨ ᠪᠤᠰᠤ ᠬᠡᠮᠡᠨ ᠬᠤᠷᠢᠪᠠᠴᠤ᠂ ᠪᠢᠷᠠᠮᠠᠨ ᠪᠠᠷ ᠪᠤᠯᠤᠯ ᠥᠭᠡᠢ ᠬᠠᠭᠠᠨ ᠢ ᠬᠡᠷᠳᠡᠭᠡᠨ ᠤᠷᠢᠵᠤ ᠶᠡᠭᠡ ᠭᠥᠨᠳᠥᠯᠡᠯ ᠥᠢᠯᠡᠳᠪᠡᠢ᠃     ᠬᠠᠭᠠᠨ ᠡᠭᠡᠵᠥ ᠬᠠᠷᠢᠭᠠᠳ ᠭᠥᠰᠡᠯ ᠢ ᠬᠠᠩᠭᠠᠭᠴᠢ ᠲᠡᠷᠡ ᠬᠤᠳᠳᠤᠭ ᠲᠤᠷ ᠰᠢᠨᠤᠵᠤ᠂ ᠪᠢᠷᠠᠮᠠᠨ᠎ᠠ ᠡᠯᠴᠢ ᠵᠠᠷᠤᠵᠤ᠂ ᠴᠢ ᠲᠡᠷᠡ ᠬᠤᠳᠳᠤᠭ ᠶᠤᠭᠠᠨ ᠮᠢᠨᠤ ᠬᠤᠳᠠᠨ ᠳᠤᠷ ᠭᠡᠳᠥᠨ ᠬᠤᠨᠤᠭ ᠵᠢᠭᠡᠯᠡᠵᠥ ᠥᠭᠭᠦᠭᠳᠥᠨ᠂ ᠬᠡᠷᠪᠡᠷ ᠡᠰᠡ ᠥᠭᠪᠡᠰᠤ ᠴᠢᠮᠠᠢᠢ ᠴᠠᠭᠠᠵᠠᠯᠠᠮᠥᠢ ᠭᠡᠮᠡᠭᠦ ᠵᠠᠬᠢᠶ᠎ᠠ ᠢᠯᠡᠭᠡᠭᠰᠡᠨ ᠳᠤᠷ ᠪᠢᠷᠠᠮᠠᠨ ᠮᠠᠰᠢ ᠠᠶᠤᠭᠠᠳ᠂ ᠡᠨᠡ ᠬᠠᠭᠠᠨ ᠥᠨᠡᠭᠡᠷ ᠵᠤᠬᠢᠰ ᠥᠭᠡᠢ ᠶᠠᠪᠤᠳᠠᠯᠳᠤ ᠠᠵᠤᠭᠤ᠂ ᠪᠢ ᠴᠤ ᠭᠡᠰᠢᠭ ᠢᠶᠠᠨ ᠥᠯᠥ ᠲᠠᠭᠠᠭᠠᠭᠴᠢ ᠨᠢᠭᠡᠨ ᠠᠵᠤᠭᠤ ᠭᠡᠮᠡᠨ ᠭᠤᠮᠤᠳᠠᠵᠤ ᠰᠠᠭᠤᠬᠤᠢ ᠳᠤᠷ᠂ ᠪᠢᠷᠠᠮᠠᠨ ᠤ ᠬᠥᠪᠡᠭᠦᠨ ᠢᠨᠤ ᠥᠭᠦᠯᠡᠷᠥᠨ᠂ ᠡᠴᠢᠭᠡ ᠮᠢᠨᠤ᠂ ᠴᠢ ᠭᠤᠷᠪᠠᠨ ᠤᠬᠠᠭᠠᠨ ᠳᠤᠷ ᠮᠡᠷᠭᠡᠰᠢᠭᠰᠡᠨ ᠪᠢᠷᠠᠮᠠᠨ ᠪᠥᠭᠡᠳᠡᠯᠡ ᠡᠭᠦᠨ ᠳᠤᠷ ᠲᠡᠳᠥᠢ ᠴᠢᠨᠡᠭᠡᠨ ᠮᠤᠬᠤᠷᠳᠠᠬᠤ ᠠᠨᠤ ᠶᠠᠭᠤᠨ ᠭᠡᠮᠡᠪᠡᠰᠤ ᠪᠢᠷᠠᠮᠠᠨ ᠪᠠᠷ᠂ ᠡᠨᠡ ᠢᠨᠤ ᠤᠷᠢᠳ ᠲᠤᠬᠢᠶᠠᠭᠰᠠᠨ ᠥᠭᠡᠢ ᠨᠢᠭᠡᠨ᠂ ᠡᠳᠥᠭᠡ ᠨᠠᠳᠤᠷ ᠮᠠᠭᠠᠳ ᠬᠤᠤᠷ ᠪᠤᠯᠬᠤ ᠬᠡᠮᠡᠭᠦᠢ ᠳᠤᠷ ᠭᠥᠪᠡᠭᠦᠨ᠂ ᠴᠢ ᠬᠠᠭᠠᠨ ᠤ ᠡᠯᠴᠢᠳᠤᠷ ᠡᠶᠢᠨ ᠥᠭᠦᠯᠡ᠂ ᠪᠢ ᠬᠤᠳᠳᠤᠭ ᠶᠤᠭᠠᠨ ᠡᠷᠭᠦᠰᠥᠭᠡᠢ᠂ ᠲᠡᠶᠢᠮᠤ ᠪᠤᠯᠪᠠᠴᠤ ᠬᠡᠷᠡᠭᠯᠡᠭᠦ ᠡᠳ᠋ ᠢ ᠠᠪᠬᠤᠢ ᠳᠤᠷ ᠡᠳ᠋ ᠤᠨ ᠪᠡᠯᠡᠭ ᠥᠭᠭᠦᠢ ᠯᠦᠭᠡ ᠠᠳᠠᠯᠢ ᠨᠠᠳᠤᠷ ᠤᠷᠢᠳ ᠰᠠᠶᠢᠨ ᠤᠰᠤᠳᠤ ᠨᠢᠭᠡᠨ ᠬᠤᠳᠳᠤᠭ ᠢᠯᠡᠭᠡ᠂ ᠲᠡᠶᠢᠨ ᠪᠤᠯᠪᠠᠰᠤ ᠪᠢ ᠬᠤᠳᠳᠤᠭ ᠶᠤᠭᠠᠨ ᠮᠠᠯᠳᠠᠵᠤ ᠭᠥᠷᠭᠡᠰᠥᠭᠡᠢ ᠬᠡᠮᠡᠭᠳᠥᠨ ᠬᠡᠪᠡᠢ᠃ ᠲᠡᠷᠡ ᠡᠯᠴᠢᠨ ᠪᠢᠷᠠᠮᠠᠨ ᠤ ᠥᠭᠡ ᠶᠢ ᠬᠠᠭᠠᠨ ᠳᠤᠷ ᠮᠡᠳᠡᠭᠦᠯᠥᠭᠰᠡᠨ᠎ᠡ᠂ ᠬᠠᠭᠠᠨ  ᠪᠠᠷ ᠰᠠᠶᠢᠨ ᠮᠠᠭᠤ ᠶᠢ ᠡᠰᠡ ᠲᠤᠩᠭᠠᠨ᠂ ᠨᠢᠭᠡᠨ ᠬᠤᠳᠳᠤᠭ ᠢᠯᠡᠭᠡ᠂ ᠬᠡᠷᠪᠡ ᠤᠰᠤᠨ ᠥᠭᠡᠢ ᠪᠤᠯᠬᠤ ᠪᠥᠭᠡᠰᠤ ᠲᠠᠨ ᠤᠳ ᠢ ᠠᠯᠠᠮᠤᠢ ᠭᠡᠮᠡᠨ ᠲᠥᠰᠢᠮᠡᠳ ᠶᠦᠭᠡᠨ ᠵᠠᠷᠯᠢᠭᠳᠠᠰᠠᠨ᠎ᠠ᠂ ᠲᠡᠷᠡ ᠭᠥᠷᠥᠨ ᠤ ᠰᠠᠶᠢᠳ ᠲᠥᠰᠢᠮᠡᠳ ᠵᠥᠪᠯᠡᠯᠳᠥᠵᠥ᠂ ᠡᠨᠡ ᠬᠠᠭᠠᠨ ᠪᠤᠷᠤᠭᠤ ᠵᠥᠪ ᠢ ᠥᠯᠥ ᠤᠬᠠᠨ ᠭᠠᠭᠴᠠ ᠭᠥᠴᠥᠪᠡᠨ ᠵᠢᠭᠠᠭᠴᠢ ᠪᠠᠶᠢᠨᠠᠮ᠃ ᠡᠭᠦᠨ  ᠢ ᠨᠢᠭᠡᠨ ᠴᠠᠭ ᠠᠷᠭᠠᠯᠠᠪᠠᠴᠤ ᠮᠠᠨ ᠤᠳ ᠢ ᠡᠭᠦᠷᠢᠳᠡ ᠡᠨᠡ ᠮᠡᠳᠤ ᠥᠯᠥ ᠠᠮᠤᠷᠯᠢᠭᠤᠯᠬᠤ ᠨᠢᠭᠡᠨ ᠪᠤᠶᠤ ᠭᠡᠮᠡᠯᠳᠥᠭᠡᠳ ᠬᠤᠪᠢᠰᠴᠤ᠂ ᠬᠠᠭᠠᠨ ᠢ ᠬᠤᠷᠤᠭᠠᠭᠠᠳ ᠡᠷᠳᠡᠨᠢᠳᠤ ᠮᠥᠷᠳᠡᠭᠡᠨ ᠡᠷᠳᠡᠮᠳᠤ ᠭᠡᠮᠡᠵᠥ ᠲᠡᠷᠡ ᠪᠢᠷᠠᠮᠠᠨ ᠢ ᠡᠷᠭᠦᠵᠤ ᠬᠠᠭᠠᠨ ᠰᠢᠷᠡᠭᠡᠨ᠎ᠡ ᠰᠠᠭᠤᠯᠭᠠᠨ ᠥᠨᠢ ᠵᠢᠷᠭᠠᠯ ᠢ ᠭᠥᠯᠢᠶᠡᠯᠭᠡᠵᠥᠭᠦᠢ ᠬᠡᠮᠡᠪᠡᠢ᠃ ᠲᠡᠷᠡ ᠮᠡᠳᠤ᠂ ᠶᠠᠮᠪᠠᠷᠪᠠ ᠤᠴᠢᠷ  ᠲᠤᠷ ᠪᠤᠯᠪᠠᠴᠤ ᠠᠰᠤᠷᠤ ᠮᠤᠬᠤᠷᠳᠠᠯ ᠥᠭᠡᠢ ᠠᠷᠭ᠎ᠠ ᠶᠢ ᠤᠯᠬᠤᠢ ᠶᠢ ᠰᠠᠨᠠᠪᠠᠰᠤ ᠡᠷᠳᠡᠮ ᠢ ᠬᠢᠴᠢᠶᠡᠭᠦ ᠬᠡᠷᠡᠭᠳᠡᠢ ᠪᠥᠭᠡᠳ ᠬᠡᠳᠥᠷᠭᠡᠢ ᠰᠢᠨᠤᠯ ᠢ ᠡᠭᠦᠷᠢ ᠲᠡᠪᠴᠢᠭᠳᠦᠨ ᠭᠡᠮᠡᠭᠰᠡᠨ ᠡᠶᠢᠮᠤ ᠥᠯᠢᠭᠡᠷ ᠪᠤᠶᠤ᠃                                                                                                    
 
ᠢᠷᠡᠯᠲᠡ᠄ ︽ᠡᠷᠳᠡᠨᠢ ᠶᠢᠨ ᠰᠠᠩ ᠰᠤᠪᠠᠰᠢᠳᠢ︾ ᠠᠴᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号