ᠲᠤᠯᠤᠭᠠᠨ ᠪᠥᠭᠡᠰᠤ ᠨᠢᠭᠡ ᠨᠤᠬᠠᠢ ᠪᠥᠭᠡᠰᠥᠨ ᠯᠦᠭᠡ ᠨᠥᠭᠦᠷᠯᠡᠭᠰᠡᠨ ᠭᠡᠮᠡᠭᠦ ᠢᠨᠤ
ᠨᠡᠶᠢᠲᠡᠯᠡᠭᠰᠡᠨ ᠴᠠᠭ᠄
2018-06-08
    ᠤᠷᠢᠳᠤ ᠴᠠᠭᠳᠠ ᠨᠢᠭᠡᠨ ᠲᠢᠶᠠᠨᠴᠢ ᠯᠠᠮ᠎ᠠ ᠠᠷᠢᠭᠤᠨ ᠬᠠᠳᠠ ᠶᠢᠨ ᠠᠭᠤᠢ ᠳᠤᠷ ᠨᠤᠮ ᠪᠢᠰᠢᠯᠭᠠᠨ ᠰᠠᠭᠤᠨ ᠪᠥᠯᠥᠭᠡ᠃ ᠲᠡᠭᠦᠨ ᠤ ᠪᠡᠶ᠎ᠡ ᠳᠤᠷ ᠲᠤᠯᠤᠭᠠᠨ ᠪᠥᠭᠡᠰᠥᠨ ᠪᠤᠢ ᠠᠵᠤᠭᠤ᠃ ᠲᠡᠳᠡ ᠪᠥᠭᠡᠰᠥᠨ ᠥᠷᠭᠦᠯᠵᠢ ᠢᠳᠡᠭᠦᠢ  ᠳᠤᠷ ᠪᠡᠶ᠎ᠡ ᠢᠨᠥ ᠵᠠᠭᠠᠳᠤᠨᠠᠵᠤ ᠲᠢᠶᠠᠨ ᠪᠢᠰᠢᠯᠭᠠᠬᠤᠢ ᠳᠤ ᠰᠠᠭᠠᠳ ᠪᠤᠯᠤᠭᠰᠠᠨ᠎ᠠ᠂ ᠲᠠ ᠨᠠᠷ ᠪᠢᠳᠡᠭᠡᠢ ᠢᠳᠡ ᠭᠡᠮᠡᠪᠡᠰᠤ ᠪᠥᠭᠡᠰᠥᠳ ᠥᠭᠦᠯᠡᠷᠥᠨ᠂ ᠴᠢᠮᠠᠢᠢ ᠡᠰᠡ ᠢᠳᠡᠪᠡᠰᠤ ᠪᠢᠳᠠ ᠶᠠᠭᠤᠨ ᠢᠳᠡᠭᠦ ᠪᠤᠢ ᠭᠡᠮᠡᠭᠦ ᠳᠤᠷ᠂ ᠲᠢᠶᠠᠨᠴᠢ  ᠪᠠᠷ ᠲᠠ ᠨᠠᠷ ᠢ ᠪᠢ ᠠᠯᠠᠨ ᠴᠢᠳᠠᠬᠤ ᠪᠥᠭᠡᠳᠡᠯ᠎ᠡ ᠭᠠᠭᠴᠠ ᠬᠢᠯᠢᠨᠴᠠ ᠶᠢ ᠰᠠᠨᠠᠵᠤ ᠥᠯᠥ ᠠᠷᠢᠯᠭᠠᠮᠤᠢ᠃ ᠲᠠᠠ ᠤᠳ ᠨᠠᠮᠠᠢᠢ ᠨᠤᠮ ᠪᠢᠰᠢᠯᠭᠠᠬᠤᠢ ᠳᠤᠷ ᠪᠤᠤ ᠢᠳᠡᠭᠳᠥᠨ ᠪᠤᠰᠤᠳ ᠴᠠᠭ ᠲᠤᠷ ᠵᠤᠷᠢᠭ ᠢᠶᠠᠷ ᠢᠳᠡᠭᠳᠥᠨ ᠭᠡᠮᠡᠨ ᠴᠢᠩ ᠥᠭᠡᠰ ᠪᠠᠷᠢᠯᠳᠤᠵᠤ ᠲᠠᠩᠭᠠᠷᠢᠭᠯᠠᠯᠴᠠᠪᠠᠢ᠃ ᠲᠡᠳᠡ ᠪᠥᠭᠡᠰᠥᠳ ᠮᠥᠨ ᠪᠠᠷᠢᠯᠳᠤᠭᠰᠠᠨ ᠶᠤᠰᠤ ᠪᠠᠷ ᠪᠠᠶᠢᠨ ᠠᠳᠠᠯ᠎ᠠ ᠭᠡᠨᠡᠳᠳᠡ ᠨᠢᠭᠡᠨ ᠡᠳᠥᠷ ᠭᠠᠭᠴᠠ ᠨᠤᠬᠠᠢ ᠪᠥᠭᠡᠰᠥᠨ ᠢᠷᠡᠵᠥ᠂ ᠨᠥᠭᠦᠳ ᠲᠠᠨ ᠯᠤᠭ᠎ᠠ ᠬᠠᠮᠳᠤ ᠲᠠᠩᠭᠠᠷᠢᠭ ᠰᠠᠬᠢᠵᠤ ᠬᠠᠨᠢᠯᠠᠶ᠎ᠠ ᠭᠡᠮᠡᠪᠡᠰᠤ ᠪᠤᠰᠤᠳ ᠪᠥᠭᠡᠰᠥᠳ ᠥᠭᠦᠯᠡᠷᠥᠨ᠂ ᠲᠢᠶᠠᠨᠴᠢ ᠯᠤᠭ᠎ᠠ ᠶᠢᠨ ᠵᠢᠷᠤᠮ ᠢ ᠮᠠᠨᠢ ᠥᠳᠡᠭᠡᠷᠭᠡᠯ ᠥᠭᠡᠢ ᠪᠠᠶᠢᠪᠠᠰᠤ ᠪᠤᠯᠳᠤᠭᠠᠢ ᠭᠡᠮᠡᠭᠡᠳ ᠬᠠᠮᠳᠤ ᠰᠠᠭᠤᠯᠴᠠᠪᠠᠢ᠃ ᠬᠤᠶᠢᠨ᠎ᠠ ᠨᠢᠭᠡᠨ ᠡᠳᠥᠷ ᠲᠢᠶᠠᠨᠴᠢ ᠪᠢᠰᠢᠯᠭᠠᠨ ᠪᠥᠭᠦᠢ ᠳᠤᠷ ᠨᠤᠬᠠᠢ ᠪᠥᠭᠡᠰᠥᠨ ᠪᠢᠰᠢᠳ ᠲᠡᠭᠡᠨ ᠥᠭᠦᠯᠡᠷᠥᠨ᠂ ᠪᠢ ᠲᠠᠨ ᠯᠤᠭ᠎ᠠ ᠠᠳᠠᠯᠢ ᠲᠠᠩᠭᠠᠷᠢᠭ ᠬᠢᠭᠰᠡᠨ ᠪᠤᠰᠤ᠂ ᠪᠢ ᠡᠳᠥᠭᠡ ᠢᠳᠡᠮᠥᠢ ᠭᠡᠮᠡᠭᠦᠨ᠎ᠡ ᠪᠤᠰᠤᠳ ᠪᠥᠭᠡᠰᠥ ᠤᠳ ᠭᠡᠳᠥᠢ ᠭᠠᠰᠢᠭᠤᠨ ᠢᠶᠠᠷ ᠢᠳᠬᠠᠪᠠᠴᠤ ᠰᠤᠨᠤᠰᠤᠯ ᠥᠭᠡᠢ ᠵᠠᠭᠤᠪᠠᠢ᠃ ᠲᠡᠳᠥᠢ ᠳᠤᠷ ᠲᠢᠶᠠᠨᠴᠢ ᠠᠭᠤᠷᠰᠠᠵᠤ᠂ ᠡᠨᠡ ᠪᠥᠭᠡᠰᠤᠨ ᠤᠳ ᠲᠠᠩᠭᠠᠷᠢᠭ ᠢᠶᠠᠨ ᠨᠢᠴᠥᠵᠤ ᠭᠡᠯᠡᠭᠰᠡᠨ ᠢᠶᠠᠨ ᠤᠮᠠᠷᠳᠠᠪᠠᠢ ᠭᠡᠮᠡᠭᠡᠳ ᠬᠢᠯᠢᠭᠯᠡᠨ ᠪᠥᠭᠡᠰᠥᠳ ᠢ ᠠᠯᠠᠨ ᠡᠬᠢᠯᠡᠭᠦᠢ ᠳᠤᠷ ᠨᠤᠬᠠᠢ ᠪᠥᠭᠡᠰᠥᠨ ᠥᠰᠥᠷᠥᠨ ᠵᠢᠭᠤᠳᠠᠵᠤ ᠡᠰᠡ ᠤᠯᠳᠠᠪᠠᠢ᠃ ᠬᠠᠭᠤᠴᠢᠨ ᠪᠥᠭᠡᠰᠥᠳ ᠪᠢᠳᠠ ᠢᠳᠡᠭᠰᠡᠨ ᠪᠢᠰᠢ ᠭᠡᠮᠡᠨ ᠭᠡᠳᠥᠢ ᠤᠴᠢᠷ  ᠢᠶᠠᠨ ᠭᠠᠷᠭᠠᠨ ᠭᠡᠯᠡᠪᠡᠴᠤ ᠰᠤᠨᠤᠰᠤᠯ ᠥᠭᠡᠢ ᠴᠥᠮ ᠢ ᠠᠯᠠᠵᠤ ᠤᠷᠬᠢᠪᠠᠢ ᠭᠡᠮᠡᠵᠥᠭᠦᠢ᠃ ᠲᠡᠭᠦᠨᠴᠢᠯᠡᠨ ᠮᠠᠭᠤ ᠨᠥᠭᠦᠷ ᠯᠦᠭᠡ ᠬᠠᠨᠢᠯᠠᠪᠠᠰᠤ᠂ ᠲᠡᠭᠦᠨ ᠤ ᠭᠡᠮ ᠢᠨᠤ ᠡᠨᠡ ᠮᠡᠳᠤ ᠬᠠᠯᠳᠠᠬᠤ ᠶᠢ ᠰᠠᠨᠠᠨ ᠬᠢᠴᠢᠶᠡᠵᠥ ᠶᠠᠪᠤᠯᠳᠠᠢ ᠭᠡᠮᠡᠭᠦ ᠢᠨᠤ ᠡᠶᠢᠮᠤ ᠤᠴᠢᠷ ᠪᠤᠶᠤ᠃                                                                                        
 
ᠢᠷᠡᠯᠲᠡ᠄ ︽ᠫᠠᠨᠴᠠᠳᠠᠨᠳᠠᠷ᠎ᠠ︾ ᠠᠴᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号