ᠮᠠᠭᠤ ᠬᠢᠭᠰᠡᠨ ᠤ ᠬᠠᠷᠢᠭᠤ ᠥᠪᠡᠷ ᠲᠤᠷ ᠪᠤᠯᠪᠠᠰᠤᠷᠠᠬᠤ ᠭᠡᠮᠡᠭᠦ ᠢᠨᠤ
ᠨᠡᠶᠢᠲᠡᠯᠡᠭᠰᠡᠨ ᠴᠠᠭ᠄
2018-06-08
    ᠤᠷᠢᠳᠤ ᠴᠠᠭᠳᠠ᠂ ᠬᠠᠨ ᠬᠥᠪᠡᠭᠦᠨ ᠥᠪᠡᠷᠥᠨ ᠨᠥᠭᠦᠷ ᠯᠦᠭᠡ ᠡᠷᠳᠡᠮ ᠰᠤᠷᠬᠤᠢ ᠪᠠᠷ ᠬᠤᠶᠠᠭᠤᠯᠠ ᠬᠠᠷᠢ ᠭᠠᠵᠠᠷ ᠤᠳᠴᠤ᠂ ᠬᠠᠨ ᠭᠥᠪᠡᠭᠦᠨ ᠡᠷᠳᠡᠮ ᠶᠡᠭᠡ ᠰᠤᠷᠪᠠᠢ᠂ ᠨᠥᠭᠦᠷ ᠢᠨᠤ ᠪᠠᠭ᠎ᠠ ᠰᠤᠷᠪᠠᠢ᠃ ᠬᠤᠶᠢᠨ᠎ᠠ᠂ ᠨᠤᠮ ᠲᠡᠭᠦᠰᠴᠤ ᠨᠤᠳᠤᠭ ᠪᠤᠴᠠᠬᠤ ᠵᠠᠭᠤᠷ᠎ᠠ ᠮᠠᠭᠤ ᠨᠥᠭᠦᠷ ᠢᠨᠤ ᠡᠷᠳᠡᠮ ᠳᠤᠷ ᠠᠳᠠᠭᠠᠷᠬᠠᠵᠤ ᠬᠤᠤᠷᠳᠤ ᠰᠡᠳᠬᠢᠯ ᠡᠭᠦᠰᠭᠡᠨ ᠡᠯ ᠴᠡᠯ ᠥᠭᠡᠢ ᠱᠠᠯᠠ ᠭᠠᠵᠠᠷ᠎ᠠ ᠬᠠᠨ ᠭᠥᠪᠡᠭᠦᠨ ᠤ ᠭᠥᠵᠥᠭᠦᠨ ᠢ ᠨᠢ ᠪᠤᠭᠤᠵᠤ ᠠᠯᠠᠬᠤᠢ ᠶᠢ ᠵᠠᠪᠳᠤᠬᠤᠢ ᠳᠤᠷ ᠬᠠᠠ ᠭᠥᠪᠡᠭᠦᠨ ᠥᠭᠦᠯᠡᠷᠥᠨ᠂ ᠨᠠᠮᠠᠢᠢ ᠠᠯᠠᠬᠤ ᠪᠥᠭᠡᠰᠤ ᠥᠭᠦᠭᠦ ᠶᠢᠨ ᠤᠷᠢᠳ ᠡᠭᠡ ᠳᠡᠭᠡᠨ ᠪᠡᠯᠡᠭ ᠵᠠᠬᠢᠶ᠎ᠠ ᠥᠭᠭᠦᠰᠤ ᠪᠢ᠂ ᠨᠥᠭᠦᠷ ᠴᠢ ᠬᠤᠶᠢᠰᠢ ᠡᠴᠢᠵᠥ ᠭᠥᠷᠭᠡᠵᠥ ᠥᠭ ᠭᠡᠮᠡᠭᠡᠳ ᠳ᠋ᠠᠯᠠ ᠮᠤᠳᠤᠨ ᠤ ᠨᠠᠪᠴᠢᠷᠭᠠᠨ ᠳᠤᠷ ᠠᠪᠠᠷᠱᠢᠺᠠ ᠭᠡᠮᠡᠨ ᠪᠢᠴᠢᠵᠥ ᠢᠯᠡᠭᠡᠭᠡᠳ ᠠᠮᠢᠨ ᠶᠠᠭᠦᠳᠵᠤᠬᠦᠢ᠃     ᠲᠡᠳᠥᠢ᠂ ᠲᠡᠷᠡ ᠨᠥᠭᠦᠷ ᠢᠨᠤ ᠪᠤᠴᠠᠵᠤ ᠢᠷᠡᠭᠡᠳ ᠬᠠᠨ ᠬᠠᠳᠤᠨ ᠳᠤᠷ᠂ ᠲᠠᠨ ᠤ ᠭᠥᠪᠡᠭᠦᠨ ᠵᠠᠮ ᠳᠤᠷ ᠡᠪᠡᠳᠴᠢᠨ ᠭᠥᠷᠳᠡᠵᠥ ᠪᠡᠶ᠎ᠡ ᠪᠠᠷᠠᠪᠠ ᠭᠡᠮᠡᠨ ᠭᠡᠯᠡᠭᠡᠳ ᠵᠠᠬᠢᠶ᠎ᠠ ᠪᠡᠯᠡᠭ ᠢ ᠨᠢ ᠲᠤᠰᠢᠶᠠᠵᠤ ᠬᠠᠷᠢᠪᠠᠢ᠃ ᠬᠠᠨ ᠬᠠᠳᠤᠨ ᠮᠠᠰᠢᠳᠠ ᠭᠠᠰᠢᠭᠤᠳᠠᠵᠤ᠂ ᠲᠡᠷᠡ ᠠᠪᠠᠷᠱᠢᠺᠡ ᠭᠡᠮᠡᠭᠰᠡᠨ ᠥᠰᠥᠭ ᠢ ᠤᠳᠬ᠎ᠠ ᠶᠢ ᠨᠢ ᠲᠠᠶᠢᠯᠳᠤᠭᠠᠢ ᠭᠡᠮᠡᠨ ᠤᠯᠠᠨ ᠬᠤᠸᠠᠷᠠᠭ ᠤᠳ ᠪᠤᠯᠤᠳ ᠲᠥᠰᠢᠮᠡᠳ ᠲᠤᠷ ᠵᠠᠬᠢᠭᠰᠠᠨ᠎ᠠ ᠲᠡᠳᠡ ᠴᠤᠭᠭᠠᠷ ᠡᠰᠡ ᠴᠢᠳᠠᠵᠤ᠂ ᠬᠠᠨ ᠪᠠᠷ ᠶᠡᠭᠡᠳᠡ ᠬᠢᠯᠢᠭᠯᠡᠨ ᠭᠡᠳᠥᠨ ᠬᠤᠨᠤᠭ ᠤᠨ ᠲᠤᠳᠤᠷ᠎ᠠ ᠡᠰᠡ ᠲᠠᠶᠢᠯᠪᠠᠰᠤ ᠲᠠᠨ ᠤᠳ ᠢ ᠴᠥᠮ ᠴᠠᠭᠠᠵᠠ ᠪᠠᠨ ᠠᠪᠠᠴᠢᠮᠥᠢ ᠭᠡᠮᠡᠨ ᠵᠠᠷᠯᠢᠭ ᠪᠤᠯᠵᠤᠬᠤᠢ᠃ ᠨᠢᠭᠡᠨ ᠭᠡᠶᠢᠳ ᠤᠨ ᠲᠡᠷᠢᠭᠦᠯᠡᠭᠰᠡᠨ ᠭᠥᠭᠰᠢᠨ ᠬᠤᠸᠠᠷᠠᠭ ᠠᠷᠭ᠎ᠠ ᠪᠠᠨ ᠪᠠᠷᠠᠵᠤ ᠱᠠᠪᠢ ᠨᠠᠷ  ᠲᠤᠷ ᠬᠤᠶᠢᠳᠤ ᠶᠢᠨ ᠤᠴᠢᠷ ᠶᠤᠭᠠᠨ ᠵᠠᠬᠢᠨ ᠪᠥᠭᠦᠢ ᠴᠠᠭᠳᠠ ᠭᠡᠶᠢᠳ ᠤᠨ ᠡᠭᠦᠳᠡᠨ᠎ᠡ ᠭᠤᠶᠢᠯᠢᠨᠴᠢ ᠨᠢᠭᠡᠨ ᠡᠭᠡᠨᠡᠷ ᠢᠷᠡᠭᠡᠳ ᠲᠡᠷᠡ ᠠᠪᠠᠷᠱᠢᠺᠠ ᠭᠡᠮᠡᠭᠴᠢ ᠡᠯ ᠴᠡᠯ ᠥᠭᠡᠢ ᠭᠠᠵᠠᠷ᠎ᠠ ᠨᠥᠭᠦᠷ ᠮᠢᠨᠤ ᠮᠤᠬᠤᠭᠤ ᠮᠡᠰᠡᠠ ᠢᠶᠠᠷ ᠴᠢᠴᠢᠯᠡᠵᠥ᠂ ᠪᠤᠭᠤᠮᠢᠯᠠᠵᠤ ᠠᠯᠠᠪᠠᠢ ᠨᠠᠮᠠᠢᠢ ᠭᠡᠮᠡᠭᠦ ᠥᠭᠡ ᠪᠤᠶᠤ ᠭᠡᠮᠡᠨ ᠭᠡᠯᠡᠵᠥ ᠥᠭᠴᠥᠭᠦᠢ᠃ ᠯᠠᠮ᠎ᠠ ᠰᠤᠨᠤᠰᠤᠭᠠᠳ ᠬᠠᠨ ᠳᠤᠷ ᠭᠥᠷᠴᠥ ᠤᠳᠬ᠎ᠠ ᠶᠢ ᠨᠢ ᠲᠠᠶᠢᠯᠵᠤ ᠭᠡᠯᠡᠪᠡᠰᠤ᠂ ᠬᠠᠨ ᠤᠯᠠᠨ ᠬᠤᠸᠠᠷᠠᠭ ᠪᠠ ᠲᠥᠰᠢᠮᠡᠳ ᠢ ᠵᠠᠨᠤᠬᠤ ᠪᠠᠨ ᠪᠠᠶᠢᠵᠤ᠂ ᠭᠥᠪᠡᠭᠦᠨ ᠤ ᠨᠥᠭᠦᠷ ᠲᠡᠷᠡ ᠶᠢ ᠠᠪᠴᠢᠷᠠᠨ ᠮᠢᠬ᠎ᠠ ᠶᠢ ᠨᠢ ᠡᠷᠡᠭᠦᠯᠡᠵᠥ ᠪᠠᠶᠢᠵᠤ ᠥᠨᠡᠨ ᠭᠦ ᠥᠴᠢᠭ ᠢ ᠨᠢ ᠭᠡᠯᠡᠭᠦᠯᠥᠭᠡᠳ ᠠᠮᠢ ᠲᠥᠯᠥᠭᠦᠯᠪᠡᠢ᠃ ᠲᠡᠷᠡ ᠮᠡᠳᠤ᠂ ᠬᠤᠤᠷᠳᠤ ᠮᠠᠭᠤ ᠰᠡᠳᠬᠢᠯ ᠢ ᠨᠠᠰᠤᠨ ᠳᠠᠭᠠᠨ ᠲᠡᠪᠴᠢᠭᠦ ᠭᠡᠷᠡᠭᠳᠡᠢ ᠭᠡᠮᠡᠭᠰᠡᠨ ᠶᠤᠰᠤᠨ ᠡᠶᠢᠮᠤ ᠪᠤᠶᠤ᠃                                                                            
 
ᠢᠷᠡᠯᠲᠡ᠄ ︽ᠫᠠᠨᠴᠠᠳᠠᠨᠳᠠᠷ᠎ᠠ︾ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号