ᠪᠡᠴᠢ ᠭᠠᠯᠢᠨᠳᠠᠺᠠ ᠶᠢᠨ ᠡᠭᠦᠷ ᠢ ᠡᠪᠳᠡᠭᠰᠡᠨ ᠶᠤᠰᠤᠨ ᠠᠨᠤ
ᠨᠡᠶᠢᠲᠡᠯᠡᠭᠰᠡᠨ ᠴᠠᠭ᠄
2018-06-08
     ᠡᠷᠳᠡ ᠤᠷᠢᠳᠤ ᠴᠠᠭᠳᠠ᠂ ᠨᠢᠭᠡᠨ ᠰᠠᠷᠮᠠᠬᠴᠢᠨ ᠨᠢᠭᠡᠨ ᠭᠠᠯᠢᠨᠳᠠᠺᠠ ᠰᠢᠪᠠᠭᠤ ᠲᠠᠢ ᠰᠠᠶᠢᠬᠠᠨ ᠬᠠᠨᠢᠯᠠᠬᠤ ᠪᠠᠷ ᠬᠡᠯᠡᠯᠴᠡᠨ ᠪᠤᠷᠬᠠᠨ ᠤ ᠡᠮᠥᠨ᠎ᠡ ᠠᠮᠠ ᠠᠪᠴᠤ ᠶᠡᠭᠡ ᠮᠤᠳᠤᠨ ᠤ ᠰᠠᠯᠠᠭᠠᠨ ᠳᠤᠷ ᠭᠠᠯᠢᠨᠳᠠᠺᠠ ᠡᠭᠦᠷ ᠶᠦᠭᠡᠨ ᠵᠠᠰᠠᠵᠤ᠂ ᠮᠤᠳᠤᠨ ᠤ ᠮᠥᠴᠢᠷ ᠤᠨ ᠥᠵᠥᠭᠦᠷ᠎ᠡ ᠰᠠᠷᠮᠠᠭᠴᠢᠨ ᠡᠭᠦᠷ ᠢᠶᠠᠨ ᠵᠠᠰᠠᠭᠰᠠᠨ ᠪᠥᠯᠥᠭᠡ᠃ ᠲᠡᠭᠦᠨᠴᠡ᠂ ᠵᠤᠨ ᠤ ᠴᠠᠭ ᠪᠤᠷᠤᠭᠠᠨ ᠤᠷᠤᠵᠤ ᠠᠬᠤᠢ ᠳᠤᠷ ᠰᠠᠷᠮᠠᠬᠴᠢᠨ ᠵᠠᠩ ᠠᠭᠠᠯᠢ ᠠᠨᠤ ᠲᠤᠭᠳᠠᠪᠤᠷᠢ ᠮᠠᠭᠤᠳᠠᠢ ᠭᠥᠩᠭᠡᠨ ᠲᠤᠯᠠ ᠮᠤᠳᠤᠨ  ᠤ ᠮᠥᠴᠢᠷ ᠲᠤᠷ ᠨᠠᠮ ᠰᠠᠭᠤᠯ ᠥᠭᠡᠢ᠂ ᠡᠰᠢ ᠲᠡᠰᠢ ᠲᠡᠭᠳᠡᠨ ᠥᠰᠥᠷᠬᠢᠯᠡᠪᠡᠰᠤ ᠮᠤᠳᠤᠨ ᠤ ᠨᠠᠪᠴᠢ ᠭᠡᠰᠢᠭᠦᠤ ᠶᠢᠨ ᠤᠰᠤᠨ ᠭᠠᠯᠢᠨᠳᠠᠺᠠ ᠰᠢᠪᠠᠭᠤᠨ ᠤ ᠡᠭᠦᠷ ᠲᠤᠷ ᠤᠷᠤᠵᠤ ᠨᠤᠷᠭᠠᠭᠰᠠᠨ᠎ᠠ ᠰᠢᠪᠠᠭᠤᠨ ᠠᠮᠤᠷ ᠥᠭᠡᠢ ᠪᠤᠯᠵᠤ ᠥᠭᠦᠯᠡᠷᠥᠨ᠂ ᠰᠠᠷᠮᠠᠭᠴᠢᠨ ᠨᠥᠭᠦᠷ ᠮᠢᠨᠢ ᠡ᠂ ᠰᠠᠳᠬᠢᠯ ᠵᠠᠩ ᠲᠠᠨᠢ ᠬᠤᠷᠳᠤᠨ ᠭᠥᠩᠭᠡᠨ ᠪᠤᠯᠤᠭᠠᠳ ᠪᠤᠰᠴᠤ ᠰᠠᠭᠤᠬᠤ ᠴᠢᠨᠤ ᠤᠯᠠᠨ᠂ ᠲᠠᠶᠢᠨ ᠪᠤᠤ ᠥᠢᠯᠡᠳ᠂ ᠲᠥᠪ ᠨᠠᠮᠬᠠᠨ ᠰᠠᠭᠤᠳᠤᠭᠠᠢ᠂ ᠮᠢᠨᠤ ᠡᠭᠦᠷ ᠲᠤᠷ ᠤᠰᠤ ᠤᠷᠤᠵᠤ ᠨᠠᠳᠤᠷ ᠮᠠᠭᠤ ᠪᠤᠯᠵᠤ ᠠᠮᠤᠢ ᠭᠡᠮᠡᠨ ᠠᠶᠠᠯᠠᠨ ᠥᠭᠦᠯᠡᠪᠡᠰᠤ᠂ ᠰᠠᠷᠮᠠᠭᠴᠢᠨ ᠠᠭᠤᠷᠯᠠᠨ᠂ ᠴᠢᠨᠤ ᠮᠡᠳᠤ ᠮᠠᠭᠤ ᠰᠢᠪᠠᠭᠤ ᠨᠠᠮᠠᠢᠢ ᠰᠤᠷᠭᠠᠬᠤ ᠪᠤᠶᠤ᠂ ᠤᠯᠠᠨ ᠶᠠᠭᠤ ᠥᠭᠦᠯᠡᠮᠥᠢ ᠭᠡᠮᠡᠨ ᠶᠡᠭᠡᠳᠡ ᠬᠢᠯᠢᠩ ᠪᠠᠳᠠᠷᠠᠨ ᠢᠷᠡᠵᠥ ᠡᠭᠦᠷ ᠢ ᠴᠤᠴᠠᠯᠠᠨ ᠥᠨᠳᠡᠭᠡ ᠶᠢ ᠢᠨᠤ ᠪᠢᠴᠠᠯᠤᠨ ᠤᠷᠬᠢᠪᠠᠢ᠃     ᠲᠡᠷᠡ ᠮᠡᠳᠤ ᠠᠭᠤᠷ ᠶᠡᠭᠡ ᠲᠠᠢ ᠲᠤᠭᠰᠢᠨ ᠭᠥᠮᠥᠨ ᠯᠦᠭᠡ ᠬᠠᠨᠢᠯᠠᠪᠠᠰᠤ ᠡᠨᠡ ᠮᠡᠳᠤ ᠪᠤᠯᠬᠤ ᠶᠠᠭᠤᠨ ᠮᠠᠭᠠᠳ ᠲᠤᠯᠠ᠂ ᠠᠮᠠ ᠶᠤᠭᠠᠨ ᠪᠠᠬᠢᠯᠡᠨ ᠥᠢᠯᠡᠳ᠂ ᠰᠠᠨᠠᠭᠠᠨ ᠳᠠᠭᠠᠨ ᠬᠢᠴᠢᠶᠡᠯᠳᠡᠢ ᠪᠤᠯᠠᠢ ᠭᠡᠮᠡᠵᠥᠭᠦᠢ᠃                                                                
 
ᠢᠷᠡᠯᠲᠡ᠄ ︽ᠫᠠᠨᠴᠠᠳᠠᠨᠳᠠᠷ᠎ᠠ︾ ᠠᠴᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号