ᠵᠤᠬᠢᠯᠳᠤᠭᠰᠠᠨ ᠲᠥᠷᠪᠡᠨ ᠠᠮᠢᠳᠠᠨ ᠭᠡᠮᠡᠭᠦ ᠢᠨᠤ
ᠨᠡᠶᠢᠲᠡᠯᠡᠭᠰᠡᠨ ᠴᠠᠭ᠄
2018-06-08
     ᠡᠷᠳᠡ ᠤᠷᠢᠳᠤ ᠴᠠᠭ᠂ ᠨᠢᠭᠡᠨ ᠶᠡᠭᠡ ᠬᠠᠭᠠᠨ ᠭᠥᠷᠤᠨ᠎ᠡ ᠲᠥᠷᠪᠡᠨ ᠴᠠᠭ ᠠᠨᠤ ᠰᠠᠶᠢᠬᠠᠨ ᠢᠶᠠᠷ ᠪᠤᠯᠵᠤ ᠶᠡᠷᠥ ᠡᠪᠤᠯ ᠥᠭᠡᠢ ᠵᠤᠨ ᠮᠡᠳᠤ᠂ ᠡᠪᠡᠳᠴᠢᠨ ᠥᠭᠡᠢ ᠵᠢᠷᠭᠠᠯ ᠮᠡᠳᠤ ᠪᠠᠰᠠ ᠲᠠᠷᠢᠶᠠᠨ ᠲᠥᠮᠥᠰᠥᠨ ᠮᠠᠯ ᠠᠳᠤᠭᠤᠰᠤᠨ ᠠᠨᠤ ᠡᠯᠪᠡᠭ ᠥᠰᠴᠤ ᠠᠷᠠᠳ ᠵᠤᠨ ᠠᠨᠤ ᠠᠮᠤᠷ ᠵᠢᠷᠭᠠᠯᠠᠩᠳᠤ ᠪᠤᠯᠤᠭᠰᠠᠨ᠎ᠠ ᠲᠡᠷᠠ ᠬᠠᠭᠠᠨ ᠪᠠᠷ ᠥᠭᠦᠯᠡᠷᠥᠨ᠂ ᠡᠨᠡ ᠢᠨᠤ ᠮᠢᠨᠤ ᠰᠠᠶᠢᠨ ᠠᠴᠠ ᠪᠤᠯᠪᠠᠢ ᠭᠡᠮᠡᠭᠦᠢ ᠳᠤᠷ ᠬᠠᠳᠤᠨ ᠬᠢᠭᠡᠳ ᠲᠥᠰᠢᠮᠡᠳ ᠢᠨᠤ ᠪᠠᠰᠠ ᠨᠠᠳᠠᠴᠠ ᠰᠢᠯᠳᠠᠭᠠᠯᠠᠪᠠᠢ ᠭᠡᠮᠡᠨ ᠲᠤᠰ ᠲᠤᠰ ᠪᠤᠯᠢᠶᠠᠯᠳᠤᠵᠤᠬᠤᠢ᠃ ᠡᠴᠤᠰ ᠲᠤᠷ ᠵᠥᠩ ᠪᠢᠯᠢᠭᠳᠦ ᠭᠡᠮᠡᠭᠦ ᠠᠷᠰᠢ ᠯᠠᠮ᠎ᠠ ᠠᠴᠠ ᠡᠴᠢᠵᠥ ᠰᠤᠷᠠᠰᠤ ᠭᠡᠮᠡᠨ ᠵᠥᠪᠰᠢᠯᠳᠥᠭᠡᠳ ᠲᠠᠶᠢᠨ ᠠᠰᠠᠭᠤᠪᠠᠰᠤ ᠠᠷᠰᠢ ᠵᠠᠷᠯᠢᠭ ᠪᠤᠯᠤᠷᠤᠨ᠂ ᠠᠳᠡ ᠭᠤᠤᠯ ᠤᠨ ᠡᠬᠢᠨ᠎ᠡ ᠶᠡᠭᠡ ᠮᠤᠳᠤᠨ ᠲᠤᠤᠷ᠎ᠠ ᠵᠠᠭᠠᠨ᠂ ᠪᠡᠴᠢ᠂ ᠲᠠᠤᠯᠠᠢ᠂ ᠢᠳᠠᠭᠤ ᠲᠠᠨ ᠲᠥᠷᠪᠡᠨ ᠠᠮᠢᠳᠠᠨ ᠮᠠᠰᠢ ᠨᠠᠶᠢᠷᠳᠠᠢ ᠠᠮᠠᠷᠠᠭ ᠶᠠᠪᠤᠭᠠᠳ ᠨᠢᠭᠡᠨ ᠡᠳᠥᠷ ᠥᠭᠦᠯᠡᠯᠳᠥᠷᠥᠨ᠂ ᠪᠢᠳᠠ ᠭᠡᠨ ᠢᠨᠤ ᠠᠬ᠎ᠠ ᠪᠥᠭᠡᠰᠥ ᠲᠡᠭᠦᠥ ᠢᠨᠤ ᠠᠬ᠎ᠠ  ᠶᠤᠭᠠᠨ ᠭᠥᠨᠳᠥᠯᠡᠨ ᠡᠷᠭᠦᠵᠥ ᠲᠠᠭᠠᠯᠠᠯ ᠢᠶᠠᠷ ᠶᠠᠪᠤᠰᠤᠭᠠᠢ ᠭᠡᠮᠡᠯᠳᠥᠭᠡᠳ ᠨᠠᠰᠤᠨ ᠵᠡᠷᠭᠡ ᠪᠠᠨ ᠭᠡᠯᠡᠪᠡᠰᠤ ᠵᠠᠭᠠᠨ ᠥᠭᠦᠯᠡᠷᠥᠨ᠂ ᠪᠢ ᠪᠢᠴᠢᠬᠠᠨ ᠪᠥᠭᠦᠢ ᠴᠠᠭᠳᠠ ᠡᠨᠡ ᠮᠤᠳᠤ ᠨᠠᠳᠠ ᠯᠤᠭ᠎ᠠ ᠠᠳᠠᠯᠢ ᠥᠨᠳᠥᠷ ᠠᠵᠤ ᠪᠢ ᠱᠥᠷᠭᠦᠭᠡᠳᠡᠭ ᠪᠥᠯᠥᠭᠡ ᠭᠡᠮᠡᠪᠡᠰᠤ ᠪᠡᠴᠢ ᠥᠭᠦᠯᠡᠷᠥᠨ᠂ ᠮᠢᠨᠤ ᠮᠡᠳᠡᠭᠦᠢ ᠳᠤᠷ ᠡᠨᠡ ᠮᠤᠳᠤ ᠮᠥᠨ ᠨᠠᠳᠠᠯᠤᠭ᠎ᠠ ᠰᠠᠴᠠᠭᠤ ᠪᠠᠶᠢᠭᠰᠠᠨ ᠪᠤᠯᠠᠢ ᠭᠡᠮᠡᠪᠡ᠃ ᠲᠠᠤᠯᠠᠢ ᠢᠨᠤ ᠨᠠᠮᠠᠢᠢ ᠪᠠᠭ᠎ᠠ ᠳᠤ ᠡᠨᠡ ᠮᠤᠳᠤ ᠡᠬᠢᠯᠡᠨ ᠥᠨᠳᠥᠰᠥᠯᠡᠭᠡᠳ ᠪᠢ ᠥᠨᠳᠥᠰᠥ ᠶᠢ ᠢᠨᠤ ᠮᠠᠯᠳᠠᠵᠤ ᠢᠳᠡᠳᠡᠭ ᠭᠡᠮᠡᠪᠡᠰᠤ ᠢᠳᠠᠭᠤ ᠪᠠᠷ᠂ ᠠᠩᠬ᠎ᠠ ᠡᠬᠢᠨ᠎ᠡ ᠪᠢ ᠮᠤᠳᠤᠨ ᠢᠳᠡᠭᠡ ᠶᠢ ᠡᠨᠡ ᠭᠠᠵᠠᠷ ᠲᠠᠷᠢᠭᠰᠠᠨ ᠤ ᠤᠯᠠᠮ ᠢᠶᠠᠷ ᠡᠨᠡ ᠮᠤᠳᠤ ᠤᠷᠭᠤᠭᠰᠠᠨ ᠪᠤᠯᠠᠢ ᠬᠡᠮᠡᠵᠥᠭᠦᠢ᠃ ᠲᠡᠭᠦᠨᠴᠡ ᠢᠳᠠᠭᠤ ᠠᠬ᠎ᠠ᠂ ᠲᠠᠤᠯᠠᠢ ᠲᠡᠳ᠋ ᠲᠤ᠂ ᠪᠡᠴᠢ ᠭᠤᠳᠠᠭᠠᠷ ᠲᠤ᠂ ᠵᠠᠭᠠᠨ ᠤᠳᠬᠤᠨ ᠲᠡᠭᠦᠥ ᠪᠤᠯᠵᠤ ᠵᠠᠭᠠᠨ ᠤ ᠲᠡᠭᠡᠷ᠎ᠡ ᠪᠡᠴᠢ᠂ ᠪᠡᠴᠢᠨ  ᠤ ᠲᠡᠭᠡᠷ᠎ᠡ ᠲᠠᠤᠯᠠᠢ᠂ ᠲᠠᠤᠯᠠᠢ ᠶᠢᠨ ᠲᠡᠭᠡᠷ᠎ᠡ ᠢᠳᠠᠭᠤ ᠲᠤᠰ ᠲᠤᠰ ᠲᠠᠷᠠᠭᠠᠯᠠᠨ ᠰᠠᠭᠤᠵᠤ ᠠᠯᠢᠪᠠ ᠥᠢᠯᠡ ᠳᠤᠷ ᠲᠡᠭᠦᠥ ᠨᠠᠷ ᠢᠨᠤ ᠠᠬ᠎ᠠ ᠶᠤᠭᠠᠨ ᠡᠷᠭᠦᠵᠥ ᠭᠥᠨᠳᠥᠯᠡᠵᠥ᠂ ᠠᠬ᠎ᠠ ᠢᠨᠤ ᠲᠡᠭᠦᠥ ᠨᠠᠷ ᠶᠦᠭᠡᠨ ᠡᠶ᠎ᠡ ᠶᠤᠰᠤᠨ ᠢᠶᠠᠷ ᠲᠡᠳᠭᠦᠨ ᠤᠳᠤᠷᠢᠳᠤᠨ ᠶᠠᠪᠤᠬᠤᠶ᠎ᠠ ᠡᠨᠡ ᠵᠤᠬᠢᠯᠳᠤᠭᠰᠠᠨ ᠲᠥᠷᠪᠡᠨ ᠠᠮᠢᠳᠠᠨ ᠤ ᠥᠯᠵᠡᠢ ᠪᠤᠶᠠᠨ ᠢᠶᠠᠷ ᠲᠠᠨ ᠤ ᠭᠥᠷᠥᠨ ᠠᠮᠤᠷ ᠵᠢᠷᠭᠠᠯᠠᠩᠳᠤ ᠪᠤᠯᠤᠭᠰᠠᠨ ᠪᠤᠯᠠᠢ᠂ ᠵᠢᠴᠢ ᠪᠤᠤ ᠲᠡᠮᠡᠴᠡᠭᠳᠥᠨ ᠭᠡᠮᠡᠨ ᠰᠤᠷᠭᠠᠵᠤᠬᠤᠢ᠃ ᠬᠠᠭᠠᠨ ᠲᠡᠷᠢᠭᠦᠯᠡᠨ ᠬᠠᠮᠤᠭ ᠬᠠᠳᠤᠳ ᠲᠥᠰᠢᠮᠡᠳ ᠭᠤᠤᠯ ᠤᠨ ᠭᠥᠪᠡᠭᠡᠨ᠎ᠡ ᠭᠥᠷᠴᠤ ᠥᠵᠡᠪᠡᠰᠤ᠂ ᠲᠠᠶᠢᠮᠤ ᠨᠠᠶᠢᠷᠠᠯᠳᠤᠭᠰᠠᠨ ᠲᠥᠷᠪᠡᠨ ᠠᠮᠢᠳᠠᠨ ᠥᠨᠡᠠᠭᠡᠷ ᠪᠤᠢ ᠲᠤᠯᠠ ᠬᠠᠭᠠᠨ ᠥᠭᠦᠯᠡᠷᠥᠨ᠂ ᠡᠳᠡ ᠠᠳᠤᠭᠤᠰᠤᠨ ᠪᠠᠶᠢᠳᠠᠯ᠎ᠠ ᠡᠶᠢᠮᠤ ᠨᠠᠶᠢᠷᠳᠠᠢ ᠰᠠᠶᠢᠨ ᠶᠠᠪᠤᠨ ᠪᠥᠭᠡᠳᠡᠯ᠎ᠡ ᠪᠢᠳᠠ ᠡᠷᠳᠡᠨᠢᠳᠤ ᠭᠥᠮᠥᠨ ᠪᠤᠢ ᠠᠭᠠᠳ ᠠᠳᠠᠭᠠᠷᠬᠠᠨ ᠲᠡᠮᠡᠴᠡᠭᠴᠢ ᠶᠠᠪᠤᠳᠠᠯ ᠶᠠᠭᠤᠨ ᠭᠡᠷᠡᠭ ᠭᠡᠮᠡᠭᠡᠳ ᠡᠪ ᠡᠶ᠎ᠡ ᠶᠦᠭᠡᠨ ᠨᠢᠭᠡᠳᠭᠡᠵᠥ ᠰᠠᠶᠢᠬᠠᠨ ᠰᠠᠳᠬᠢᠯ ᠡᠭᠦᠰᠭᠡᠨ ᠤᠯᠠᠮ ᠡᠨᠡᠷᠢᠯ ᠲᠠᠢ ᠪᠤᠯᠤᠨ ᠵᠤᠬᠢᠯᠳᠤᠵᠤ᠂ ᠠᠯᠤᠰ ᠭᠥᠨᠳᠡᠯᠡᠨ ᠤ ᠭᠠᠵᠠᠷ ᠭᠥᠷᠳᠡᠯ᠎ᠡ ᠨᠤᠮ ᠱᠠᠰᠢᠨ ᠢ ᠠᠯᠳᠠᠷᠰᠢᠭᠤᠯᠵᠤᠬᠤᠢ ᠭᠡᠮᠡᠵᠥᠭᠦᠢ᠃ ᠲᠠᠶᠢᠮᠤ ᠶᠢᠨ ᠲᠤᠯᠠ ᠡᠪ ᠡᠶ᠎ᠡ ᠪᠠᠨ ᠨᠢᠭᠡᠳᠭᠡᠨ ᠲᠠᠩᠭᠠᠷᠢᠭ ᠶᠤᠭᠠᠨ ᠬᠢᠴᠢᠶᠡᠨ ᠶᠠᠪᠤᠪᠠᠰᠤ᠂ ᠮᠠᠭᠠᠳ ᠠᠮᠤᠷ ᠵᠢᠷᠭᠠᠯᠠᠩᠳᠤ ᠰᠠᠶᠢᠨ ᠪᠤᠯᠬᠤ ᠭᠡᠮᠡᠭᠰᠡᠨ ᠢ ᠥᠭᠦᠯᠡᠭᠰᠡᠨ ᠡᠪᠳᠤ ᠲᠥᠷᠪᠡᠨ ᠠᠮᠢᠳᠠᠨ ᠤ ᠥᠯᠢᠭᠡᠷ ᠡᠨᠡ ᠪᠤᠶᠤ᠃
 
ᠢᠷᠡᠯᠲᠡ᠄ ︽ᠲᠠᠪᠤᠨ ᠱᠠᠰᠳᠢᠷ︾ ᠤᠨ ᠮᠤᠩᠭᠤᠯ ᠥᠯᠢᠭᠡᠷ ᠤᠨ ᠴᠤᠮᠤᠷᠯᠢᠭ ᠠᠴᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号