ᠪᠠᠷᠳᠠᠮᠨᠠᠭᠴᠢ ᠪᠤᠯᠵᠤᠮᠤᠷ
ᠨᠡᠶᠢᠲᠡᠯᠡᠭᠰᠡᠨ ᠴᠠᠭ᠄
2018-06-08
    ᠰᠢᠪᠠᠭᠤ ᠪᠠᠷᠢᠭᠴᠢ ᠡᠪᠤᠭᠡᠨ ᠲᠤᠤᠷ ᠲᠠᠯᠪᠢᠭᠰᠠᠨ᠎ᠠ ᠨᠢᠭᠡᠨ ᠭᠠᠯᠢᠨᠳᠠᠺᠠ ᠪᠤᠯᠵᠤᠮᠤᠷ ᠪᠠᠷᠢᠭᠳᠠᠵᠤᠬᠤᠢ᠂ ᠡᠪᠥᠭᠡᠨ ᠬᠠᠷᠢᠭᠠᠳ ᠬᠤᠨᠢᠨ ᠮᠤᠳᠤ ᠪᠠᠷ ᠨᠢᠭᠡ ᠲᠡᠯᠡᠳᠥᠭᠡᠳ ᠭᠠᠳᠠᠨᠠᠬᠢ ᠡᠪᠳᠡᠷᠭᠡᠢ ᠵᠤᠤᠬᠠᠨ ᠲᠤᠳᠤᠷ᠎ᠠ ᠲᠤᠭᠤᠰᠤ ᠥᠨᠡᠰᠥᠨ᠎ᠡ ᠬᠠᠶᠠᠵᠤ ᠲᠡᠭᠡᠷ᠎ᠡ ᠠᠴᠠ ᠥᠷᠮᠥᠭ ᠢᠶᠠᠷ ᠪᠥᠷᠭᠦᠨ ᠤᠷᠬᠢᠵᠤᠬᠤᠢ᠃ ᠬᠤᠨᠤᠭᠰᠠᠨ ᠤ ᠬᠤᠶᠢᠨ᠎ᠠ ᠲᠡᠷᠠ ᠠᠶᠢᠯ ᠤᠨ ᠲᠡᠵᠢᠭᠡᠭᠰᠡᠨ ᠲᠠᠬᠢᠶ᠎ᠠ ᠢᠷᠡᠵᠥ ᠬᠤᠰᠢᠭᠤ ᠪᠠᠷ ᠥᠷᠮᠥᠭ ᠢ ᠲᠤᠶ᠋ᠢᠬᠤᠢ ᠳᠤᠷ ᠭᠠᠯᠢᠨᠳᠠᠺᠠ ᠪᠤᠯᠵᠤᠮᠤᠷ ᠰᠡᠷᠢᠭᠡᠳ ᠡᠶᠢᠨ ᠥᠭᠦᠯᠡᠷᠥᠨ᠂ ᠬᠠᠶᠢᠷᠠᠬᠠᠨ ᠴᠢᠨᠤ ᠭᠥᠯ ᠢ ᠥᠵᠡᠪᠡᠰᠤ ᠭᠥᠴᠥᠳᠤ ᠯᠤᠤᠰ ᠤᠨ ᠮᠡᠳᠤ᠂ ᠬᠠᠮᠤᠭ ᠪᠡᠶ᠎ᠡ ᠴᠢᠨᠤ ᠺᠠᠷᠤᠳᠢ ᠶᠢᠨ ᠠᠳᠠᠯᠢ᠂ ᠪᠡᠶᠡᠨ ᠳᠡᠭᠡᠨ ᠡᠷᠢᠶᠡᠨ ᠯᠠᠪᠠᠷᠢ ᠴᠢᠮᠡᠭᠳᠡᠢ᠂ ᠲᠡᠷᠢᠭᠦᠨ ᠳᠡᠭᠡᠨ ᠤᠯᠠᠭᠠᠨ ᠲᠢᠳᠢᠮ  ᠲᠠᠢ᠂ ᠲᠤᠭᠤᠰ ᠤᠨ ᠥᠩᠭᠡᠳᠤ ᠥᠳᠤ ᠲᠠᠢ ᠲᠡᠭᠡᠳᠤ ᠮᠥᠷ ᠤᠨ ᠰᠠᠬᠢᠭᠤᠯᠰᠤᠨ ᠮᠡᠳᠤ ᠶᠡᠭᠡ ᠲᠥᠷᠥᠯᠬᠢᠳᠡᠨ ᠮᠢᠨᠤ ᠴᠢ᠂ ᠡᠨᠡ ᠥᠷᠮᠥᠭ ᠢ ᠰᠡᠭᠦᠪᠡᠰᠤ ᠠᠴᠢ ᠶᠡᠭᠡ ᠪᠤᠯᠠᠢ ᠬᠡᠮᠡᠪᠡᠰᠤ ᠲᠠᠬᠢᠶ᠎ᠠ ᠪᠠᠷ᠂ ᠪᠢ ᠬᠡᠳᠥᠢ ᠮᠡᠳᠡᠵᠤ ᠠᠪᠠᠴᠤ ᠨᠠᠮᠠᠢᠢ ᠰᠠᠶᠢᠬᠠᠨ ᠢᠶᠠᠷ ᠮᠠᠭᠳᠠᠭᠰᠠᠨ ᠤᠴᠢᠷ᠎ᠠ ᠲᠡᠳᠭᠦᠰᠤ ᠴᠢᠮᠠᠢᠢ ᠭᠡᠮᠡᠭᠡᠳ ᠥᠷᠮᠥᠭ ᠢ ᠢᠨᠤ ᠠᠪᠴᠤ ᠤᠷᠬᠢᠪᠠᠢ᠃      ᠲᠡᠳᠤ᠂ ᠭᠠᠯᠢᠨᠳᠠᠺᠠ ᠪᠤᠯᠵᠤᠮᠤᠷ ᠠᠷᠠᠢ ᠴᠢᠮᠠᠢ ᠪᠤᠰᠴᠤ ᠤᠳᠠᠨ ᠮᠥᠴᠢᠷ ᠲᠡᠭᠡᠷ᠎ᠡ ᠨᠢᠰᠴᠤ ᠭᠠᠷᠤᠭᠠᠳ ᠲᠡᠷᠡ ᠠᠴᠢᠳᠤ ᠲᠠᠬᠢᠶ᠎ᠠ ᠶᠢ ᠭᠱᠠᠨ᠎ᠠ ᠮᠠᠷᠳᠠᠵᠤ᠂ ᠡᠷᠬᠢᠵᠤ ᠡᠪᠥᠭᠡᠨ ᠤ ᠵᠥᠭ ᠥᠭᠦᠯᠡᠷᠥᠨ᠂ ᠪᠠᠷᠢᠶ᠎ᠠ ᠪᠠᠷ ᠬᠤᠶᠠᠷ ᠭᠤᠷᠪᠠᠨᠳᠠ ᠬᠥᠪᠳᠡᠭᠡᠳ ᠬᠤᠶᠠᠷ ᠬᠤᠨᠤᠭ ᠬᠠᠯᠠᠭᠤᠨ ᠨᠤᠷᠮᠠᠨ ᠳᠤᠷ ᠲᠤᠤᠷᠯᠠᠨ ᠰᠢᠨᠠᠯᠭᠠᠪᠠᠴᠤ ᠵᠢᠭᠦᠷᠳᠡᠨ ᠤ ᠬᠠᠭᠠᠨ ᠨᠠᠮᠠᠢᠢ ᠠᠯᠠᠵᠤ ᠡᠰᠠ ᠴᠢᠳᠠᠪᠠᠢ ᠮᠠᠭᠤ ᠡᠪᠥᠭᠡᠨ ᠴᠢ᠃ ᠡᠳᠥᠭᠡ ᠪᠢ ᠤᠭᠳᠠᠷᠭᠤᠢ ᠳᠤᠷ ᠨᠢᠰᠴᠤ ᠤᠳᠤᠮᠤᠢ᠂ ᠮᠢᠨᠤ ᠮᠢᠩᠭ᠎ᠠ ᠲᠥᠮᠡᠨ ᠨᠠᠰᠤᠯᠠᠬᠤᠢ ᠶᠢᠨ ᠵᠠᠭᠤᠷ᠎ᠠ ᠡᠪᠥᠭᠡᠨ ᠴᠢ ᠲᠠᠷᠠ ᠪᠠᠶᠢᠰᠢᠩ ᠳᠤᠷ ᠶᠠᠰᠤ ᠶᠢ ᠲᠠᠯᠪᠢᠮᠤᠢ ᠭᠡᠮᠡᠭᠡᠳ ᠨᠠᠷᠢᠬᠠᠨ ᠭᠡᠰᠢᠭᠦᠨ ᠲᠡᠭᠡᠷ᠎ᠡ ᠰᠠᠭᠤᠵᠤ ᠪᠡᠶ᠎ᠡ ᠶᠦᠭᠡᠨ ᠰᠢᠯᠭᠡᠭᠡᠬᠦᠢ ᠳᠤᠷ ᠨᠠᠶᠢᠯᠵᠠᠭᠤᠷ ᠨᠠᠮᠠᠭ᠎ᠠ ᠥᠴᠥᠭᠡᠨ ᠭᠥᠳᠡᠯᠥᠭᠰᠡᠨ᠎ᠡ᠂ ᠪᠢ ᠶᠡᠭᠡ ᠰᠠᠯᠬᠢᠨ ᠠᠴᠠ ᠨᠡᠩ ᠭᠥᠴᠥᠳᠡᠢ ᠪᠤᠯᠠᠢ᠂ ᠪᠢ ᠪᠠᠷ ᠥᠰᠥᠨ ᠢᠶᠠᠨ ᠵᠠᠰᠠᠭᠠᠳ ᠥᠨᠳᠥᠷ ᠤᠭᠳᠠᠷᠭᠤᠢ ᠳᠤᠷ ᠨᠢᠰᠴᠤ ᠭᠠᠷᠬᠤᠯ᠎ᠠ ᠬᠠᠯᠢᠬᠤ ᠲᠠᠰ ᠯᠤᠭ᠎ᠠ ᠨᠢᠭᠡᠨ ᠠᠳᠠᠯᠢ ᠪᠤᠯᠬᠤ ᠪᠤᠢ᠃ ᠴᠢᠨᠤ ᠲᠥᠷᠪᠡ ᠲᠠᠪᠤᠨ ᠰᠢᠳᠠᠮ ᠴᠤ ᠨᠠᠮᠠᠢᠢ ᠶᠠᠭᠠᠬᠢᠨ ᠴᠢᠳᠠᠬᠤ᠂ ᠬᠢᠮᠤᠰᠤᠨ ᠲᠡᠳᠥᠢ ᠴᠤ ᠡᠰᠠ ᠡᠪᠡᠳᠪᠡᠢ᠂ ᠭᠤᠷᠪᠠ ᠬᠤᠨᠤᠭ ᠭᠠᠯ ᠴᠤᠭ ᠲᠤᠷ ᠪᠤᠯᠠᠪᠠᠴᠤ ᠥᠴᠥᠭᠡᠨ ᠪᠠᠷ ᠡᠰᠡ ᠬᠤᠤᠷᠯᠠᠭᠳᠠᠵᠤ ᠡᠰᠡ ᠠᠯᠵᠠᠪᠠᠢ ᠪᠢ᠃ ᠮᠠᠭᠤ ᠡᠪᠥᠭᠡᠨ ᠴᠢᠨᠤ ᠪᠠᠶᠢᠰᠢᠩ ᠬᠤᠶᠢᠨ᠎ᠠ ᠴᠠᠭ ᠢᠮᠠᠭᠳᠠ ᠮᠢᠨᠤ ᠥᠷ᠎ᠡ ᠵᠤᠯᠵᠠᠭᠠᠨ ᠤ ᠡᠭᠦᠷ ᠪᠤᠯᠤᠮᠤᠢ ᠭᠡᠮᠡᠨ ᠶᠡᠭᠡ ᠥᠭᠡ ᠭᠡᠯᠡᠵᠥ ᠪᠠᠷᠳᠠᠮᠨᠠᠨ ᠲᠤᠩᠭᠤᠳᠴᠤ ᠪᠠᠶᠢᠨ ᠠᠳᠠᠯ᠎ᠠ ᠭᠡᠨᠡᠳᠳᠡ ᠨᠢᠭᠡ ᠢᠳᠡᠯᠡᠭᠦ ᠰᠢᠪᠠᠭᠤᠨ ᠲᠡᠭᠦᠯᠢᠨ ᠢᠷᠡᠭᠡᠳ ᠲᠡᠷᠡ ᠪᠠᠷᠳᠠᠮᠨᠠᠭᠴᠢ ᠪᠤᠯᠵᠤᠮᠤᠷ ᠢ ᠰᠢᠭᠦᠷᠥᠨ ᠤᠳᠴᠤᠬᠤᠢ᠃ ᠲᠡᠭᠦᠨᠴᠢᠯᠡᠨ᠂ ᠥᠴᠥᠭᠡᠨ ᠪᠠᠭ᠎ᠠ ᠶᠤᠭᠠᠨ ᠡᠰᠡ ᠮᠡᠳᠡᠵᠥ ᠶᠡᠭᠡ ᠥᠭᠡ ᠭᠡᠯᠡᠭᠴᠢ ᠭᠥᠮᠥᠨ ᠡᠨᠡ ᠬᠠᠳᠠᠨ ᠤ ᠪᠤᠯᠵᠤᠮᠤᠷ ᠮᠡᠳᠤ ᠪᠤᠯᠤᠶᠤ᠂ ᠭᠥᠮᠥᠨ ᠪᠤᠯᠤᠭᠰᠠᠳ ᠠᠴᠢᠯᠠᠯᠳᠤ ᠬᠢᠴᠢᠶᠡᠩᠭᠦᠢ ᠰᠡᠳᠬᠢᠯ ᠢ ᠢᠮᠠᠭᠳᠠ ᠪᠠᠷᠢᠵᠤ᠂ ᠤᠮᠤᠷᠬᠠᠨ ᠪᠠᠷᠳᠠᠮᠨᠠᠬᠤ ᠶᠢ ᠲᠡᠪᠴᠢᠭᠳᠦᠨ ᠭᠡᠮᠡᠨ ᠰᠤᠷᠭᠠᠭᠰᠠᠨ ᠡᠶᠢᠮᠤ ᠥᠯᠢᠭᠡᠷ ᠪᠤᠶᠤ᠃                                                                                                    
 
ᠢᠷᠡᠯᠲᠡ᠄ ︽ᠫᠠᠨᠴᠠᠳᠠᠨᠳᠠᠷ᠎ᠠ︾ ᠠᠴᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号