ᠴᠠᠬᠠᠷ ᠨᠠᠷᠠᠨᠳᠠᠯᠠᠢ | | | ᠲᠠᠮᠠᠭᠠᠯᠠᠢ ᠶᠢᠨ ᠴᠠᠶᠢᠳᠠᠮ ᠮᠠᠨ ᠤ ᠭᠡᠷ ᠠᠴᠠ ᠡᠮᠦᠨ᠎ᠠ ᠠᠷᠪᠠᠨ ᠬᠡᠳᠤᠨ ᠭᠠᠵᠠᠷ ᠲᠤ ᠪᠠᠶᠢᠳᠠᠭ᠃ ᠲᠡᠭᠡᠷ᠎ᠡ ᠨᠢ | ᠲᠤᠮᠪᠤᠶᠢᠵᠤ ᠰᠦᠷᠯᠡᠶᠢᠨ ᠬᠠᠷᠠᠭᠳᠠᠬᠤ ᠦᠨᠳᠤᠷ ᠰᠢᠯᠢ ᠨᠢ ᠲᠠᠪᠤᠨ ᠨᠠᠰᠤᠳᠠᠢ ᠨᠠᠳᠠ ᠳᠤ ᠪᠤᠯ ᠭᠡᠵᠢᠶᠡᠳᠡ ᠬᠠᠷᠠᠬᠤ | ᠠᠴᠠ ᠪᠢᠰᠢ᠂ ᠬᠦᠷᠴᠦ ᠲᠡᠶᠢᠯᠦᠰᠢ ᠦᠭᠡᠢ ᠲᠡᠭᠷᠢ ᠶᠢᠨ ᠬᠢᠵᠠᠭᠠᠷ ᠯᠠ ᠪᠠᠶᠢᠭᠰᠠᠨ᠃ ᠭᠡᠬᠦ ᠳᠤ ᠲᠠᠷᠠ ᠬᠤᠯᠠ ᠶᠢᠨ | ᠵᠠᠢ ᠶᠢ ᠪᠢ ᠡᠵᠢ ᠶᠢᠨ ᠢᠶᠠᠨ ᠬᠠᠯᠠᠭᠤᠨ ᠨᠢᠷᠤᠭᠤᠨ ᠲᠡᠭᠡᠷ᠎ᠡ ᠡᠷᠭᠡᠯᠡᠨ ᠪᠠᠶᠢᠵᠤ ᠬᠦᠷᠦᠭᠰᠡᠨ ᠪᠢᠯᠠ᠃ ᠬᠠᠷᠠᠭᠠᠳ ᠯᠠ | ᠪᠠᠶᠢᠳᠠᠭ ᠬᠤᠯᠠ ᠶᠢᠨ ᠪᠠᠷ᠎ᠠ ᠲᠡᠭᠡᠷ᠎ᠡ ᠬᠦᠷᠦᠭᠰᠡᠨ ᠪᠢ ᠦᠭᠡᠷ᠎ᠡ ᠤᠷᠴᠢᠯᠠᠩ ᠳᠤ ᠬᠦᠷᠦᠭᠰᠡᠨ ᠭᠡᠮᠡᠷ ᠠᠯᠢ ᠪᠦᠬᠦᠨ ᠨᠢ | ᠰᠤᠨᠢᠨ ᠰᠠᠶᠢᠬᠠᠨ᠃ ᠠᠷᠬᠠᠶᠢᠵᠤ ᠲᠠᠷᠬᠠᠶᠢᠯᠵᠠᠬᠰᠠᠨ ᠡᠪᠡᠷ ᠲᠠᠢ ᠠᠯᠠᠬᠯᠠᠵᠤ ᠴᠠᠶᠢᠯᠵᠠᠬᠰᠠᠨ ᠢᠮᠠᠭᠠᠨ ᠰᠥᠷᠥᠭ ᠢᠶᠠᠨ | ᠥᠳᠡ ᠶᠢᠨ ᠵᠠᠶᠢᠳᠡᠢ ᠲᠤᠯᠤᠭᠠᠢ ᠶᠢ ᠨᠢ ᠵᠠᠯᠠᠵᠤ ᠰᠢᠯᠢ ᠶᠢᠨ ᠰᠠᠶᠢᠨ ᠡᠪᠠᠰᠤᠨ ᠤ ᠰᠤᠷ ᠢ ᠬᠤᠪᠳᠤᠬᠯᠠᠨ ᠢᠳᠡᠰᠢᠯᠡᠬᠦ | ᠶᠢ ᠬᠠᠷᠠᠵᠤ ᠪᠠᠶᠠᠰᠤᠨ᠂ ᠰᠢᠷᠠᠵᠤ ᠬᠤᠶᠢᠬᠠᠯᠠᠮᠠ ᠨᠢᠯᠴᠢᠬᠡᠷ ᠨᠠᠷᠠᠨ ᠳᠤ ᠬᠥᠯᠥᠰᠤ ᠪᠥᠮᠪᠥᠬᠡᠨᠡᠭᠰᠡᠨ ᠴᠢᠷᠡᠢ ᠪᠠᠨ | ᠬᠠᠨᠴᠤᠢ ᠪᠠᠷ ᠢᠶᠠᠨ ᠰᠢᠪᠳᠤᠷᠤᠨ ᠠᠷᠴᠢᠬᠰᠠᠨ ᠡᠵᠢ ᠮᠢᠨᠢ ᠰᠥᠷᠥᠭ ᠠᠳᠣᠭᠤ ᠰᠡᠬᠦᠳᠡᠷᠯᠡᠮᠡ ᠰᠡᠬᠦᠶᠢᠭᠰᠡᠨ ᠲᠤᠮᠤ | ᠶᠠᠰᠢᠯ ᠮᠤᠳᠤᠨ ᠤ ᠲᠤᠤᠷ᠎ᠠ ᠲᠥᠷᠥ ᠲᠡᠯᠡᠬᠡᠢ ᠪᠤᠯᠤᠬᠰᠠᠨ ᠲᠤᠶᠢᠮᠤᠭ ᠲᠤᠯᠤᠭᠠᠢ᠂ ᠰᠠᠭᠠᠷᠢᠳᠤᠬᠰᠠᠨ ᠬᠠᠷ᠎ᠠ ᠭᠠᠷ ᠲᠠᠢ | ᠬᠥᠤ ᠪᠠᠨ ᠬᠥᠨᠳᠡᠬᠦᠷᠯᠡᠵᠤ ᠬᠠᠳᠬᠤᠯᠠᠬᠰᠠᠨ ᠨᠢᠷᠤᠭᠤᠨ ᠠᠴᠠ ᠪᠠᠨ ᠱᠤᠳᠤᠷᠠᠭᠤᠯᠤᠨ ᠪᠠᠭᠤᠯᠭᠠᠵᠤ ᠨᠢᠬᠡ ᠠᠮᠠᠷᠠᠬᠰᠠᠨ | ᠲᠡᠷᠡ ᠥᠳᠡ ᠳᠤ᠃ ᠲᠤᠭᠤᠯ ᠲᠤᠯᠤᠮ ᠲᠠᠢ ᠬᠠᠭᠤᠷᠠᠢ ᠬᠥᠨᠡᠰᠤ ᠪᠠᠷ ᠬᠥᠤ ᠲᠠᠢ ᠪᠠᠨ ᠴᠠᠭ ᠤᠨ ᠬᠤᠭᠤᠯᠠ | ᠪᠤᠯᠭᠠᠵᠤ ᠨᠥᠢᠷ ᠲᠤ ᠪᠠᠨ ᠲᠠᠶᠢᠯᠳᠡᠭᠰᠡᠨ ᠬᠥᠤ ᠪᠠᠨ ᠲᠡᠷᠯᠢᠭ ᠲᠡᠬᠡᠷ᠎ᠡ ᠪᠠᠨ ᠤᠨᠳᠠᠭᠤᠯᠵᠤ ᠬᠤᠷᠤᠬᠠᠢ ᠰᠢᠮᠠᠭᠤᠯ | ᠠᠴᠠ ᠬᠢᠴᠢᠶᠡᠵᠤ ᠬᠠᠮᠠᠭᠠᠯᠠᠵᠤ ᠰᠠᠭᠤᠬᠰᠠᠨ ᠥᠶ᠎ᠡ᠂ ᠴᠠᠭ ᠵᠢᠯ ᠤᠨ ᠰᠠᠶᠢᠨ ᠳᠤ ᠬᠥᠢ ᠪᠠᠶᠢᠵᠠ ᠶᠢᠨ ᠵᠠᠪᠳᠤᠯ | ᠥᠬᠡᠢ ᠢᠷᠡᠴᠢᠬᠡᠳᠡᠭ ᠠᠶᠤᠩᠭᠠᠳᠤ ᠪᠤᠷᠤᠭᠠᠨ ᠨᠢ ᠶᠠᠭᠤ ᠬᠠᠢ ᠥᠬᠡᠢ ᠢᠷᠡᠴᠢᠬᠡᠵᠤ᠂ ᠠᠯᠳᠠᠷᠡᠢ ᠪᠠᠭ᠎ᠠ ᠬᠥᠤ ᠪᠠᠨ | ᠠᠷᠡᠶᠢᠬᠠᠨ ᠲᠠᠭᠤᠳᠠᠵᠤ ᠰᠡᠷᠡᠬᠡᠬᠦ ᠳᠤ ᠬᠠᠷ᠎ᠠ ᠡᠬᠦᠯᠡ ᠬᠤᠶᠢᠯᠠᠷᠠᠨ ᠬᠤᠶᠢᠯᠠᠷᠠᠨ ᠨᠡᠳᠤᠶᠢᠵᠤ᠂ ᠠᠶᠤᠩᠭ᠎ᠠ ᠨᠢᠵᠢᠬᠡᠨᠡᠨ | ᠴᠠᠬᠢᠯᠭᠠᠨ ᠴᠠᠬᠢᠯᠵᠤ ᠲᠡᠷᠡᠬᠡᠨ ᠵᠠᠭᠤᠷ᠎ᠠ ᠠᠵᠢᠷᠭᠠᠨ ᠪᠤᠷᠤᠭᠠᠨ ᠰᠠᠭᠤᠯᠠᠭ᠎ᠠ ᠰᠠᠪᠠ ᠪᠠᠷ ᠴᠢᠳᠬᠤᠬᠤ ᠮᠡᠳᠤ ᠲᠡᠭᠷᠢ | ᠭᠠᠵᠠᠷ ᠬᠠᠷᠠᠩᠭᠤᠶᠢᠯᠠᠨ ᠨᠡᠶᠢᠯᠠᠵᠤ ᠡᠬᠢᠯᠡᠵᠡᠢ᠃ ᠡᠵᠢ ᠮᠢᠨᠢ ᠥᠬᠢᠷᠡᠬᠡᠢ ᠶᠠᠰᠢᠯ ᠤᠨ ᠡᠩᠬᠡᠷ ᠲᠤ ᠲᠡᠷᠯᠢᠭ ᠢᠶᠠᠷ ᠢᠶᠠᠨ | ᠨᠥᠮᠥᠷᠬᠡ ᠲᠠᠳᠠᠵᠤ ᠤᠰᠤᠨ ᠬᠤᠢ ᠲᠠᠳᠠᠬᠰᠠᠨ ᠠᠶᠤᠮᠰᠢᠬᠳᠤ ᠪᠤᠷᠤᠭᠠᠨ ᠠᠴᠠ ᠬᠥᠤ ᠪᠠᠨ ᠬᠠᠭᠤᠷᠡᠢ ᠠᠪᠴᠤ | ᠴᠢᠳᠠᠬᠰᠠᠨ ᠴᠤ ᠥᠪᠡᠷ ᠢ ᠪᠠᠨᠱᠠᠯᠠᠪ ᠨᠤᠷᠭᠠᠵᠤ ᠥᠶᠡᠳᠡᠵᠤ ᠣᠰᠣᠭᠠᠬᠤ ᠶᠢᠨ ᠨᠠᠭᠠᠨ᠎ᠠ ᠴᠠᠭᠠᠨ᠎ᠠ ᠪᠤᠯᠤᠬᠰᠠᠨ | ᠪᠠᠶᠢᠵᠠᠢ᠃ ᠤᠬᠢᠯᠡᠨ ᠬᠠᠶᠢᠯᠠᠵᠤ ᠡᠵᠢ ᠪᠠᠷ ᠢᠶᠠᠨ ᠠᠷᠭᠠᠳᠠᠭᠤᠯᠤᠬᠰᠠᠨ ᠪᠢ᠂ ᠴᠠᠭ ᠤᠨ ᠵᠠᠭᠤᠷ᠎ᠠ ᠡᠬᠦᠯᠡ ᠠᠷᠢᠯᠵᠤ | ᠨᠠᠷᠠᠨ ᠲᠤᠯᠠᠶᠢᠬᠤ ᠳᠤ ᠬᠥᠳᠡᠭᠡ ᠭᠠᠳᠠᠭ᠎ᠠ ᠪᠡᠯᠴᠢᠬᠡᠷ ᠤᠨ ᠥᠵᠥᠬᠦᠷ ᠲᠤ ᠪᠠᠶᠢᠭᠠᠯᠢ ᠶᠢᠨ ᠲᠤᠬᠰᠢᠨ ᠠᠭᠤᠷ | ᠠᠮᠢᠰᠬᠤᠯ ᠳᠤ ᠤᠴᠠᠷᠠᠵᠤ ᠠᠶᠤᠩᠭ᠎ᠠ ᠶᠢᠨ ᠨᠥᠰᠡᠷ ᠲᠠᠭᠤᠨ ᠳᠤ ᠬᠥᠮᠥᠨ ᠪᠤᠯᠤᠬᠰᠠᠨ ᠤ ᠠᠩᠬᠠᠨ ᠤ ᠤᠢ ᠴᠡᠭᠡᠵᠢ | ᠪᠠᠨ ᠤᠷᠢᠨ ᠰᠡᠷᠬᠦᠬᠡᠭᠰᠡᠨ ᠬᠡᠵᠤ ᠢᠳᠡᠭᠡᠭᠰᠡᠨ᠃ ᠡᠨᠡ ᠡᠳᠤᠷ ᠨᠢ ᠮᠢᠨᠥ ᠨᠢᠯᠬ᠎ᠠ ᠪᠠᠯᠴᠢᠷ ᠲᠠᠷᠢᠬᠢᠨ ᠳᠤ ᠠᠩᠬ᠎ᠠ | ᠰᠠᠭᠤᠬᠳᠠᠬᠰᠠᠨ ᠨᠠᠰᠤᠨ ᠤ ᠲᠤᠷᠠᠳᠬᠠᠯ ᠪᠤᠯᠵᠤ ᠮᠥᠩᠬᠡᠷᠡᠬᠦ ᠶᠤᠰᠤᠳᠠᠢ ᠪᠠᠶᠢᠵᠠᠢ ᠳ᠋ᠠ︕ ᠤᠨᠠᠭᠠᠨ ᠬᠤᠯᠪᠤᠭ᠎ᠠ ᠲᠠᠢ | ᠬᠠᠷᠬᠢᠯ ᠤᠨ ᠰᠢᠯᠢ ᠮᠢᠨᠢ ᠡ︕ | ᠲᠠᠷᠠ ᠡᠳᠦᠷ ᠠᠴᠠ ᠡᠬᠢᠯᠡᠵᠤ ᠥᠨᠡᠨ ᠤ ᠬᠤᠷᠸ᠎ᠠ ᠳᠤ ᠤᠬᠠᠭ᠎ᠠ ᠵᠠᠯᠭᠠᠭᠤᠯᠤᠬᠰᠠᠨ ᠨᠤᠳᠤᠭ ᠤᠨ ᠮᠢᠨᠢ | ᠬᠠᠯᠠᠭᠤᠨ ᠰᠢᠷᠤᠢ ᠨᠠᠳᠠ ᠬᠠᠷᠠᠮ ᠥᠬᠡᠢ ᠶᠡᠭᠡ ᠬᠠᠶᠢᠷ᠎ᠠ ᠶᠢᠨ ᠲᠠᠯᠠᠢ ᠪᠤᠯᠵᠤ ᠴᠠᠯᠬᠢᠯᠠᠳᠠᠭ ᠪᠤᠯᠪᠠ᠃ ᠲᠠᠪᠠᠭ | ᠴᠠᠶᠢᠯᠵᠠᠭᠤᠯᠵᠤ ᠬᠤᠷᠮᠤᠢ ᠲᠠᠷᠪᠠᠯᠵᠠᠬᠦᠯᠵᠤ ᠬᠤᠨᠢᠨ ᠤ ᠬᠤᠳᠠ ᠠᠴᠠ ᠵᠠᠶᠢᠳᠠᠮᠠ ᠬᠤᠷᠠᠭᠠᠨ ᠤ ᠪᠡᠯᠴᠢᠬᠡᠷ ᠠᠴᠠ | ᠬᠤᠯᠠᠳᠠᠮᠠ ᠵᠢᠷᠪᠡᠯᠵᠡᠬᠦᠯᠵᠤ ᠵᠢᠷᠤᠭᠠᠯᠠᠬᠤ ᠳᠤ᠂ ᠲᠥᠭᠦᠷᠢᠭᠬᠡᠨ ᠲᠡᠭᠷᠢ ᠶᠢᠨ ᠬᠠᠶᠠᠭ᠎ᠠ ᠬᠢᠵᠠᠭᠠᠷ ᠲᠤ ᠨᠤᠳᠤᠭ ᠤᠨ | ᠰᠥᠭ ᠰᠥᠨᠡᠰᠤ ᠪᠤᠯᠤᠬᠰᠠᠨ ᠰᠢᠯᠢ ᠲᠤᠯᠤᠭᠠᠢ ᠤᠪᠤᠭ᠎ᠠ ᠣᠷᠣᠳ ᠨᠢᠯᠵᠠᠷᠡᠢ ᠪᠠᠭ᠎ᠠ ᠵᠢᠷᠤᠬᠡᠨ ᠤ ᠲᠤᠯᠳᠤ ᠳᠤ | ᠬᠥᠰᠡᠯ ᠮᠥᠷᠤᠬᠡᠳᠤᠯ ᠤᠨ ᠭᠤᠬᠴᠤᠭ᠎ᠠ ᠪᠤᠯᠵᠤ ᠡᠬᠢᠯᠡᠭᠰᠡᠨ᠃ ᠲᠡᠷᠡ ᠲᠤᠮᠳᠠ ᠨᠠᠷᠠᠨ ᠰᠤᠪᠤᠷᠠᠬᠤ ᠵᠥᠭ ᠲᠤ | ᠰᠥᠭᠯᠡᠶᠢᠵᠤ ᠬᠥᠬᠡᠷᠡᠵᠤ ᠬᠠᠷᠠᠬᠳᠠᠳᠠᠭ ᠬᠠᠷᠬᠢᠯ ᠤᠨ ᠥᠨᠳᠤᠷ ᠰᠢᠯᠢ ᠨᠢ ᠡᠨᠡᠬᠡᠨ ᠨᠠᠰᠤᠨ ᠤ ᠮᠢᠨᠢ ᠰᠠᠬᠢᠭᠤᠰᠤ | ᠰᠢᠳᠤᠬᠡᠨ ᠪᠤᠯᠵᠤ ᠬᠠᠷᠠᠬᠳᠠᠳᠠᠭ ᠪᠤᠯᠤᠬᠰᠠᠨ ᠨᠢ ᠤᠨᠠᠭᠠᠨ ᠬᠤᠯᠪᠤᠭ᠎ᠠ ᠠᠴᠠ ᠭᠤᠬᠴᠤᠭᠠᠷᠠᠬᠰᠠᠨ ᠠᠮᠢᠨ ᠬᠠᠶᠢᠷ᠎ᠠ | ᠶᠢᠨ ᠬᠡᠯᠬᠢᠶ᠎ᠡ ᠪᠤᠯᠬᠤ ᠨᠢ ᠥᠨᠡᠨᠳᠡᠢ᠃ | ᠬᠠᠷᠬᠢᠯ ᠤᠨ ᠰᠢᠯᠢ ᠣᠷᠣᠬᠰᠢ ᠬᠤᠶᠢᠰᠢ ᠪᠠᠨ ᠲᠠᠪᠤ ᠵᠢᠷᠭᠤᠭᠠᠨ ᠭᠠᠵᠠᠷ ᠥᠷᠬᠡᠨ᠂ ᠵᠠᠬᠦᠨᠰᠢ ᠪᠠᠷᠠᠭᠤᠨᠰᠢ | ᠠᠷᠪᠠᠨ ᠬᠡᠳᠤᠨᠭᠠᠵᠠᠷ ᠤᠷᠳᠤ᠂ ᠵᠠᠬᠦᠨ ᠤᠷᠤᠬᠰᠢ ᠪᠠᠨ ᠪᠠᠭ᠎ᠠ ᠰᠢᠯᠢ᠂ ᠬᠠᠷᠭᠠᠨᠳᠤ ᠶᠢᠨ ᠰᠢᠯᠢ ᠲᠠᠢ ᠵᠠᠯᠭᠠᠯᠳᠤᠵᠤ᠂ | ᠵᠠᠬᠦᠨᠰᠢ ᠤᠩᠭᠤᠨ ᠰᠢᠯᠢ ᠲᠠᠢ ᠵᠡᠷᠭᠡᠴᠡᠵᠤ ᠪᠠᠶᠢᠳᠠᠭ᠃ ᠬᠠᠷᠬᠢᠯ ᠤᠨ ᠰᠢᠯᠢ ᠤᠨ ᠲᠤᠮᠳᠠ ᠨᠢ ᠭᠤᠵᠤᠩ ᠬᠠᠷᠬᠢᠯ | ᠬᠡᠵᠤ ᠬᠠᠮᠤᠭ ᠥᠨᠳᠤᠷ ᠤᠷᠤᠢ ᠲᠠᠢ᠂ ᠡᠮᠤᠨ᠎ᠡ ᠪᠡᠶ᠎ᠡ ᠳᠤ ᠲᠠᠷᠴᠣᠬᠳᠣ ᠲᠤᠯᠤᠭᠠᠢ ᠬᠡᠵᠤ ᠲᠠᠷᠴᠤᠭ ᠲᠠᠯᠪᠠᠭ᠎ᠠ | ᠬᠡᠶᠢᠰᠬᠡᠳᠡᠭ ᠥᠨᠳᠤᠷ ᠤᠷᠤᠢ ᠲᠠᠢ᠂ ᠪᠠᠷᠠᠭᠤᠨ ᠰᠤᠭᠤ ᠪᠠᠷ ᠨᠢ ᠬᠢᠳᠠᠳ ᠮᠤᠩᠭᠤᠯ ᠤᠷᠤᠨ ᠢ ᠬᠤᠯᠪᠤᠳᠠᠭ ᠶᠡᠭᠡ | ᠡᠷᠳᠡᠨ ᠤ ᠵᠠᠮ ᠬᠤᠭᠤᠯᠠᠢ ᠪᠠᠶᠢᠳᠠᠭ᠃ ᠡᠨᠡᠬᠦ ᠵᠠᠮ ᠢᠶᠠᠷ ᠲᠡᠮᠡᠬᠡᠳᠤ ᠬᠤᠳᠠ ᠶᠢᠨ ᠬᠡᠳᠤᠨ ᠵᠠᠯᠢᠬᠠᠢ ᠠᠷᠢᠯᠵᠢᠶᠠᠴᠢᠨ | ᠭᠠᠩ ᠠᠴᠢᠵᠤ ᠶᠠᠪᠤᠭᠠᠳ ᠵᠠᠮ ᠢᠶᠠᠷ ᠲᠠᠭᠠᠷᠠᠬᠰᠠᠨ ᠠᠳᠤᠭᠤᠨ ᠰᠥᠷᠥᠭ ᠲᠤ ᠰᠠᠨᠠᠭᠠᠰᠢᠷᠠᠵᠤ ᠰᠥᠨᠢ ᠲᠤᠮᠳᠠ ᠪᠠᠷ | ᠵᠠᠬᠦᠨ ᠡᠮᠤᠨᠠᠰᠢ ᠲᠠᠭᠤᠵᠤ ᠪᠠᠶᠢᠭᠠᠳ ᠨᠤᠳᠤᠭ ᠠᠴᠠ ᠪᠠᠨ ᠰᠠᠯᠬᠤ ᠲᠤᠷ᠎ᠠ ᠥᠬᠡᠢ ᠠᠳᠤᠭᠤᠨ ᠰᠥᠷᠥᠭ ᠲᠠᠷᠴᠤᠬᠳᠤ | ᠶᠢᠨ ᠡᠷᠢᠶᠠᠯᠠᠩ ᠪᠠᠯᠠᠷ ᠤᠷᠤᠭᠤ ᠲᠤᠳᠠᠭᠠᠬᠤ ᠳᠤ ᠶᠡᠭᠡ ᠰᠠᠨᠠᠬᠰᠠᠨ ᠬᠤᠳᠠᠯᠳᠣᠭᠠᠴᠢᠳ ᠤᠨ ᠡᠯᠵᠢᠬᠡ ᠯᠠᠭᠤᠰᠠ ᠨᠢ | ᠥᠷᠬᠦᠨ ᠨᠠᠳᠬᠤᠵᠤ᠂ ᠲᠡᠷᠬᠡ ᠬᠠᠰᠠᠭ ᠨᠢ ᠤᠩᠬᠤᠯᠳᠠᠵᠤ᠂ ᠲᠤᠩ ᠤᠯᠠᠨ ᠭᠠᠩ ᠰᠠᠪᠠ ᠨᠢ ᠬᠠᠭᠠᠷᠠᠵᠤ | ᠪᠠᠯᠪᠠᠷᠠᠬᠰᠠᠨ ᠠᠴᠠ ᠡᠨᠡ ᠬᠤᠭᠤᠯᠠᠢ ᠶᠢ ᠵᠠᠪᠰᠠᠷ ᠤᠨ ᠬᠤᠭᠤᠯᠠᠢ ᠵᠠᠨᠠᠭ ᠤᠨ ᠵᠠᠮ ᠬᠡᠵᠤ ᠪᠠᠶᠢᠬᠰᠠᠨ ᠢᠶᠠᠨ ᠰᠡᠬᠦᠯᠡᠷ | ᠨᠢ ᠭᠠᠩ ᠤᠨ ᠬᠠᠭᠠᠷᠠᠬᠠᠢ ᠬᠡᠵᠤ ᠤᠳᠤ ᠪᠤᠯᠳᠠᠯ᠎ᠠ ᠨᠡᠷᠡᠯᠡᠭᠰᠡᠬᠡᠷ ᠪᠠᠶᠢᠨ᠎ᠠ᠃ ᠭᠠᠩ ᠤᠨ ᠬᠠᠭᠠᠷᠬᠠᠢ ᠶᠢᠨ ᠪᠠᠷᠠᠭᠤᠳᠠᠢ | ᠬᠤᠯᠠ ᠤᠶᠢᠷ᠎ᠡ ᠳᠤ ᠪᠠᠨ ᠠᠯᠳᠠᠷᠳᠡᠢ ᠠᠯᠠᠭ ᠲᠤᠯᠤᠭᠠᠢ᠂ ᠴᠤᠬᠤᠢ ᠲᠤᠯᠤᠭᠠᠢ ᠬᠡᠵᠤ ᠢᠬᠡᠷ᠎ᠡ ᠬᠤᠶᠠᠷ ᠥᠨᠳᠤᠷ | ᠲᠤᠯᠤᠭᠠᠢ ᠲᠠᠢ᠃ ᠲᠠᠷᠴᠤᠬᠳᠤ ᠲᠤᠯᠤᠭᠠᠢ ᠠᠴᠠ ᠤᠷᠤᠬᠰᠢ ᠰᠤᠪᠤᠷᠭ᠎ᠠ ᠶᠢᠨ ᠬᠤᠭᠤᠯᠠᠢ ᠶᠢ ᠥᠩᠬᠡᠷᠡᠪᠡᠯ ᠲᠡᠤᠬᠡ | ᠴᠠᠳᠢᠭ ᠲᠤ ᠲᠡᠮᠳᠡᠭᠯᠡᠯ ᠲᠠᠢ ᠠᠯᠳᠠᠷᠳᠤ ᠠᠯᠳᠠᠨ ᠭᠠᠳᠠᠰᠤᠨ ᠴᠠᠶᠢᠳᠠᠮ ᠳᠤ ᠤᠷᠤᠴᠢᠬᠠᠨ᠎ᠠ᠃ ᠬᠠᠷᠬᠢᠯ ᠤᠨ ᠰᠢᠯᠢ | ᠲᠡᠬᠡᠷ᠎ᠡ ᠭᠠᠷᠪᠠᠯ ᠡᠮᠤᠨ᠎ᠡ ᠨᠢ ᠴᠢᠯᠠᠭᠤᠨ ᠤᠪᠤᠭ᠎ᠠ ᠲᠠᠢ᠃ ᠪᠠᠷᠠᠭᠤᠨ ᠡᠮᠤᠨ᠎ᠠ ᠪᠠᠨ ᠬᠤᠷᠠᠬᠤ ᠶᠢᠨ ᠤᠪᠤᠭ᠎ᠠ᠂ | ᠬᠤᠶᠢᠨ᠎ᠠ ᠨᠢ ᠴᠢᠪᠠᠭᠠᠳᠤ ᠶᠢᠨ ᠤᠪᠤᠭ᠎ᠠ᠂ ᠵᠠᠬᠦᠨᠰᠢ ᠤᠩᠭᠤᠨ ᠤᠪᠤᠭ᠎ᠠ ᠵᠡᠷᠬᠡ ᠨᠡᠷᠡᠳᠤ ᠤᠪᠤᠭ᠎ᠠ ᠬᠠᠶᠢᠷᠬᠠᠨ ᠪᠠᠷ᠎ᠠ | ᠪᠠᠷ᠎ᠠ ᠪᠠᠨ ᠬᠠᠷᠠᠯᠴᠠᠵᠤ ᠨᠤᠳᠤᠭ ᠤᠨ ᠰᠠᠬᠢᠭᠤᠯ ᠪᠤᠯᠵᠤ ᠰᠡᠬᠦᠶᠢᠳᠡᠭ ᠪᠥᠬᠡᠳ ᠲᠤᠩᠭᠠᠯᠠᠭ ᠰᠠᠶᠢᠬᠠᠨ ᠡᠳᠤᠷ ᠠᠯᠤᠰ | ᠬᠤᠯᠠᠬᠢ ᠡᠮᠤᠨ᠎ᠡ ᠵᠥᠭ ᠤᠨ ᠭᠤᠷᠪᠠᠨ ᠰᠠᠯᠠᠭ᠎ᠠ᠂ ᠯᠢᠶᠠᠩ ᠵᠧᠩ ᠤᠨ ᠠᠭᠤᠯᠠ᠂ ᠪᠠᠷᠠᠭᠤᠨ ᠬᠤᠶᠢᠨ᠎ᠠ ᠠᠯᠠᠱᠠ | ᠠᠭᠤᠯᠠ ᠪᠥᠷ ᠲᠤᠳᠤᠬᠠᠨ ᠬᠠᠷᠠᠬᠳᠠᠳᠠᠭ ᠪᠥᠬᠡᠳ ᠲᠡᠯᠬᠡᠷ ᠰᠠᠶᠢᠬᠠᠨ ᠵᠤᠨ ᠤ ᠤᠯᠠᠷᠢᠯ ᠳᠤ ᠲᠤᠯᠢ ᠰᠢᠭ᠋ | ᠮᠡᠯᠳᠡᠶᠢᠭᠰᠡᠨ ᠨᠠᠭᠤᠷ ᠵᠠᠳᠠᠭᠠᠢ᠂ ᠠᠯᠳᠠᠨ ᠰᠢᠷᠭᠠᠯ ᠡᠯᠠᠰᠤ ᠮᠠᠩᠬ᠎ᠠ᠂ ᠬᠥᠬᠡᠷᠡᠨ ᠬᠥᠷᠡᠩᠳᠡᠬᠦ ᠣᠢ ᠮᠤᠳᠤ᠂ ᠨᠤᠮᠢᠨ | ᠨᠤᠭᠤᠭᠠᠠ ᠬᠥᠳᠡᠭᠡ ᠲᠠᠯ᠎ᠠ ᠵᠡᠷᠬᠡ ᠬᠠᠷᠠᠭᠠᠨ ᠳᠤ ᠪᠠᠭᠳᠠᠬᠤ ᠪᠥᠬᠦᠨ ᠵᠢᠰᠤᠨ ᠵᠥᠢᠯ ᠢᠶᠠᠷ ᠢᠯᠭᠠᠷᠠᠨ ᠰᠡᠳᠬᠢᠯ ᠢ | ᠲᠠᠳᠠᠮ᠎ᠠ ᠰᠠᠶᠢᠬᠠᠨ ᠥᠵᠡᠮᠵᠢ ᠪᠠᠨ ᠭᠠᠶᠢᠬᠠᠭᠤᠯᠳᠠᠭ᠃ ᠨᠤᠳᠤᠭ ᠤᠨ ᠮᠢᠨᠢ ᠰᠥᠷ ᠬᠡᠢ ᠮᠤᠷᠢ ᠪᠤᠯᠤᠬᠰᠠᠨ ᠲᠤᠮᠤᠭ | ᠬᠠᠭᠤᠴᠢ ᠲᠠᠢ ᠬᠠᠷᠬᠢᠯ ᠤᠨ ᠰᠢᠯᠢ ᠮᠢᠨᠢ ᠡ︕ | ᠬᠠᠷᠬᠢᠯ ᠬᠡᠳᠡᠭ ᠨᠢ ᠨᠢᠬᠡ ᠲᠥᠷᠥᠯ ᠤᠨ ᠶᠠᠰᠢᠯ ᠤᠨ ᠨᠡᠷ᠎ᠡ ᠬᠡᠨ᠎ᠡ᠃ ᠬᠠᠷᠬᠢᠯ ᠤᠨ ᠰᠢᠯᠢ ᠨᠢ ᠪᠥᠬᠦᠶᠢᠯᠡ ᠪᠠᠷ | ᠢᠶᠠᠨ ᠶᠠᠰᠢᠯ ᠪᠤᠷᠭᠠᠰᠤᠨ ᠳᠤ ᠬᠤᠴᠢᠬᠳᠠᠬᠰᠠᠨ ᠮᠠᠨ ᠤ ᠪᠠᠯᠠᠷ ᠮᠠᠩᠬᠠᠨ ᠨᠤᠳᠤᠭ ᠲᠤ ᠤᠷᠤᠰᠢᠵᠤ ᠪᠠᠶᠢᠬᠰᠠᠨ ᠢ | ᠨᠢᠳᠤ ᠪᠠᠷ ᠢᠶᠠᠨ ᠥᠵᠡᠬᠦ ᠥᠬᠡᠢ ᠪᠤᠯ ᠢᠳᠡᠬᠡᠵᠤ ᠶᠠᠳᠠᠮ᠎ᠠ ᠲᠤᠮᠤ ᠤᠢ ᠰᠢᠭᠤᠢ ᠪᠠᠶᠢᠬᠰᠠᠨ ᠠᠵᠢ᠃ ᠬᠡᠳᠤᠨ | ᠬᠥᠮᠥᠨ ᠲᠠᠪᠠᠷᠢᠵᠤ ᠪᠠᠭᠳᠠᠬᠤ ᠥᠬᠡᠢ ᠪᠥᠳᠤᠬᠦᠨ ᠶᠠᠰᠢᠯ ᠤᠯᠠᠨ ᠪᠠᠶᠢᠬᠰᠠᠨ ᠬᠡᠵᠤ ᠪᠤᠭᠤᠷᠤᠯᠴᠤᠤᠨ ᠲᠤᠷᠠᠰᠤᠨ | ᠬᠠᠭᠤᠴᠢᠯᠠᠳᠠᠭ ᠪᠥᠬᠡᠳ ᠨᠤᠭᠤᠭᠠᠨ ᠰᠢᠷ᠎ᠠ ᠬᠠᠷ᠎ᠠ ᠬᠥᠷᠡᠩ ᠡᠯᠳᠡᠪ ᠥᠩᠬᠡ ᠶᠢᠨ ᠥᠷᠡᠯ ᠵᠢᠮᠢᠰ ᠲᠠᠢ ᠪᠠᠶᠢᠬᠰᠠᠨ ᠢ | ᠰᠠᠨᠠᠪᠠᠯ ᠣᠯᠠᠨ ᠲᠥᠷᠤᠯ ᠤᠨ ᠶᠠᠰᠢᠯ ᠵᠡᠷᠬᠡᠪᠡᠷ ᠤᠷᠭᠤᠵᠤ ᠪᠠᠶᠢᠬᠰᠠᠨ ᠨᠢ ᠲᠤᠳᠤᠷᠬᠠᠢ ᠶᠤᠮ᠃ ᠠᠳᠡᠬᠢ ᠮᠠᠯᠴᠢᠳ | ᠤᠨ ᠣᠳᠠᠭᠠᠨ ᠵᠢᠯ ᠤᠨ ᠡᠯᠡᠬᠡᠯᠳᠡ ᠪᠠᠷ ᠥᠬᠢᠷᠡᠵᠤ ᠬᠠᠭᠤᠴᠢᠷᠠᠬᠰᠠᠨ ᠶᠠᠰᠢᠯ ᠤᠨ ᠥᠶ᠎ᠡ ᠬᠡᠰᠢᠬᠦᠥ᠂ | ᠬᠥᠷᠣᠰᠤᠨ ᠠᠴᠠ ᠰᠠᠯᠤᠬᠰᠠᠨ ᠥᠨᠳᠤᠰᠤ ᠰᠠᠯᠠᠭ᠎ᠠ ᠶᠢ ᠨᠢ ᠠᠰᠢᠬᠯᠠᠵᠤ ᠬᠡᠷ ᠪᠠᠶᠢᠰᠢᠩ ᠪᠠᠷᠢᠬᠤ᠂ ᠬᠤᠳᠳᠤᠭ | ᠴᠥᠬᠦᠷᠤᠮ ᠬᠠᠰᠢᠬᠤ᠂ ᠣᠶᠠᠭ᠎ᠠ ᠱᠤᠩ ᠪᠤᠰᠬᠠᠬᠤ᠂ ᠬᠤᠷᠤᠭ᠎ᠠ ᠬᠠᠰᠢᠶ᠎ᠠ ᠵᠠᠰᠠᠬᠤ ᠳᠤ ᠬᠡᠷᠡᠭᠴᠡᠬᠡᠨ ᠤ ᠬᠢᠷᠢ ᠪᠠᠷ | ᠵᠠᠷᠤᠳᠠᠭ ᠪᠠᠶᠢᠵᠠᠢ᠃ ᠮᠤᠩᠭᠤᠯᠴᠤᠤᠨ ᠶᠠᠰᠢᠯ ᠢ ᠰᠥᠨᠡᠰᠤ ᠰᠡᠬᠢᠭᠤᠰᠤ ᠲᠠᠢ ᠬᠡᠬᠦ ᠪᠤᠶᠤ ᠬᠠᠳᠠᠭᠤ ᠮᠤᠳᠤ ᠬᠡᠵᠤ | ᠰᠦᠵᠦᠭᠯᠡᠵᠤ ᠰᠢᠳᠦᠭᠦ ᠶᠢᠨ ᠡᠬᠦᠳᠠᠨ ᠠᠴᠠ ᠤᠷᠭᠤᠭ᠎ᠠ ᠶᠠᠰᠢᠯ ᠢ ᠬᠥᠨᠳᠠᠵᠤ ᠡᠪᠳᠠᠬᠦ ᠶᠢ ᠲᠠᠰᠤ ᠴᠡᠬᠡᠷᠯᠡᠵᠤ | ᠪᠠᠶᠢᠬᠰᠠᠨ ᠤᠴᠢᠷ ᠡᠷᠳᠡᠨ ᠭᠠᠯᠠᠪ ᠠᠴᠠ ᠤᠷᠴᠢᠨ ᠥᠶ᠎ᠡ ᠪᠤᠯᠳᠠᠯ᠎ᠠ ᠴᠢᠨ᠋ᠸ᠎ᠠ ᠬᠥᠷᠥᠬᠡᠰᠤ ᠡᠯᠳᠡᠪ ᠵᠢᠬᠦᠷᠳᠡᠨ | ᠡᠬᠦᠷᠯᠡᠭᠰᠡᠨ ᠪᠢᠳᠡᠬᠦᠥ ᠤᠢ ᠪᠠᠷ ᠢᠶᠠᠨ ᠪᠠᠶᠢᠵᠤ ᠢᠷᠡᠵᠡᠢ᠃ ᠬᠡᠬᠦ ᠳᠤ ᠬᠠᠷᠬᠢᠯ ᠤᠨ ᠰᠢᠯᠢ ᠤᠷᠴᠢᠨ ᠥᠶ᠎ᠡ ᠠᠴᠠ | ᠡᠬᠢᠯᠡᠨ ᠤᠯᠠᠨ ᠤᠳᠠᠭᠠᠨ ᠤ ᠰᠥᠨᠥᠬᠡᠯᠳᠡ ᠶᠢᠨ ᠴᠢᠨᠠᠷᠳᠠᠢ ᠲᠡᠬᠡᠷᠡᠮᠳᠡᠯ ᠲᠠᠯᠬᠢᠳᠠᠯ ᠳᠤ ᠤᠴᠠᠷᠠᠵᠠᠢ᠃ ᠵᠢᠷᠠᠭᠠᠳ | ᠤᠨ ᠤ ᠲᠥᠷᠤ ᠲᠥᠮᠡᠨ ᠢᠶᠠᠷ ᠪᠤᠵᠢᠬᠢᠨᠠᠬᠰᠠᠨ ᠬᠤᠪᠢᠰᠬᠠᠯ ᠤᠨ ᠥᠶ᠎ᠡ ᠳᠤ ᠲᠠᠤᠬᠡᠨ ᠳᠤ ᠬᠤᠪᠤᠷ ᠪᠠᠶᠢᠭᠠᠯᠢ ᠶᠢᠨ | ᠭᠠᠩ ᠭᠠᠴᠢᠭ ᠴᠠᠭᠠᠨ ᠵᠤᠤᠨ ᠲᠠᠪᠬᠤᠴᠠᠵᠤ ᠡᠷᠬᠡ ᠠᠳᠬᠤᠬᠴᠢᠳ ᠨᠢ ᠲᠥᠮᠡ ᠮᠢᠩᠭᠠᠨ ᠵᠢᠯ ᠤᠨ ᠠᠮᠢ ᠲᠠᠢ ᠶᠠᠰᠢᠯ | ᠳᠤ ᠲᠠᠶᠢᠨ ᠵᠠᠷᠯᠠᠵᠤ ᠬᠠᠷ᠎ᠠ ᠲᠤᠯᠤᠭᠠᠶᠢᠳᠤ ᠬᠥᠮᠤᠰ ᠤᠨ ᠠᠮᠢ ᠮᠠᠨᠳᠤ ᠶᠢ ᠬᠠᠮᠠᠭᠠᠯᠠᠬᠤ ᠲᠥᠯᠠᠰᠢ ᠲᠤᠯᠠᠭᠠᠯᠠᠭ᠎ᠠ | ᠪᠤᠯᠭᠠᠵᠤ ᠶᠠᠬᠡᠪᠠᠷ ᠴᠠᠪᠴᠢᠵᠤ ᠰᠥᠢᠳᠬᠡᠭᠰᠡᠨ ᠪᠥᠬᠡᠳ ᠲᠠᠷᠠᠭ᠎ᠠ ᠪᠠᠷ ᠨᠢ ᠤᠰᠤᠨ ᠠᠰᠢᠬᠯᠠᠯᠳᠠ ᠳᠤ ᠥᠢᠯᠡᠴᠢᠯᠡᠬᠦ | ᠬᠤᠳᠳᠤᠭ ᠴᠥᠬᠦᠷᠤᠮ ᠳᠤ ᠬᠡᠷᠡᠭᠯᠡᠵᠤ ᠪᠠᠰᠠ ᠲᠤᠭ᠎ᠠ ᠥᠬᠡᠢ ᠶᠠᠰᠢᠯ ᠤᠨ ᠠᠮᠢ ᠨᠠᠰᠤ ᠶᠢ ᠬᠤᠷᠤᠭᠠᠪᠠ᠃ ᠮᠢᠨᠥ | ᠮᠡᠳᠡᠭᠡ ᠤᠷᠤᠬᠤ ᠥᠶ᠎ᠡ ᠳᠤ ᠨᠢᠬᠡᠨᠳᠡ ᠶᠡᠬᠡᠩᠬᠢ ᠤᠢ ᠰᠢᠭᠤᠢ ᠪᠠᠨ ᠡᠪᠳᠡᠬᠦᠯᠵᠤ ᠰᠥᠢᠳᠬᠡᠬᠦᠯᠥᠭᠰᠡᠨ ᠬᠠᠷᠬᠢᠯ ᠤᠨ | ᠰᠢᠯᠢ ᠮᠢᠨᠢ ᠪᠠᠰᠠ ᠴᠤ ᠣᠢ ᠰᠢᠭᠤᠢ ᠮᠡᠳᠤ ᠬᠠᠷᠠᠬᠳᠠᠵᠤ ᠪᠠᠶᠢᠬᠰᠠᠨ ᠢ ᠰᠠᠨᠠᠪᠠᠯ ᠲᠡᠤᠬᠡᠨ ᠳᠤ ᠶᠠᠮᠠᠷ ᠰᠢᠤᠬᠠᠨ | ᠢᠬᠴᠤᠷᠠᠨ ᠪᠢᠳᠡᠬᠦᠷᠡᠭᠰᠡᠨ ᠤᠢ ᠪᠠᠶᠢᠬᠰᠠᠨ ᠢ ᠤᠬᠠᠭ᠎ᠠ ᠰᠡᠬᠡᠬᠡ ᠲᠠᠢ ᠪᠥᠬᠦᠨ ᠲᠤᠩ ᠠᠮᠠᠷᠬᠠᠨ ᠲᠥᠰᠥᠭᠯᠡᠵᠤ | ᠮᠡᠳᠡᠬᠦ ᠶᠤᠮ ᠡ᠃ ᠬᠠᠷᠢᠨ ᠲᠡᠬᠡᠬᠦ ᠳᠤ ᠲᠥᠷᠤ ᠵᠠᠰᠠᠭ ᠤᠨ ᠪᠤᠳᠤᠯᠭ᠎ᠠ ᠬᠥᠮᠥᠨ ᠪᠠᠶᠢᠭᠠᠯᠢ ᠪᠥᠬᠦᠨ ᠳᠤ ᠵᠠᠷᠬᠡᠪᠡᠷ | ᠲᠤᠶᠠᠭᠠᠯᠠᠵᠤ ᠢᠷᠡᠬᠦ ᠶᠢᠨ ᠬᠤᠷᠤᠮ ᠳᠤ ᠬᠠᠷᠭᠠᠨᠳᠤ ᠨᠡᠩᠰᠤ ᠬᠤᠶᠠᠷ ᠭᠠᠴᠠᠭᠠᠨ ᠤ ᠬᠡᠳᠤᠨ ᠡᠪᠥᠬᠡᠳ | ᠬᠥᠭᠰᠢᠳᠪᠤᠯᠤᠨ ᠴᠠᠭᠠᠨᠳᠤᠯᠤᠭᠠᠢ ᠳᠤ ᠬᠢ ᠣᠢ ᠰᠢᠭᠤᠢ ᠶᠢᠨ ᠲᠠᠯᠠᠪᠠᠢ ᠶᠢᠨ ᠮᠡᠷᠬᠡᠵᠢᠯᠳᠡᠨ ᠤ ᠢᠳᠬᠠᠯ | ᠰᠠᠨᠠᠭᠤᠯᠭ᠎ᠠ ᠶᠢ ᠬᠠᠶᠢᠬᠤᠷᠤᠯ ᠥᠬᠡᠢ ᠲᠤᠮᠤ ᠬᠢᠨᠵᠢᠳᠤ ᠲᠠᠷᠺᠡᠲ᠋ᠤᠷ ᠤᠳ ᠰᠢᠯᠢ ᠶᠢᠨ ᠤᠷᠤᠢ ᠪᠠᠷ ᠬᠠᠷ᠎ᠠ ᠤᠳᠤᠭ᠎ᠠ | ᠪᠠᠭᠠᠬᠢᠭᠤᠯᠤᠨ ᠲᠡᠷᠴᠢᠬᠢᠨᠠᠵᠤ᠂ ᠡᠳᠤᠷ ᠰᠥᠨᠢ ᠥᠬᠡᠢ ᠥᠨᠳᠤᠰᠤ ᠲᠠᠢ ᠨᠢ ᠰᠤᠭᠤᠯᠵᠤ᠂ ᠲᠡᠷᠬᠡ ᠲᠡᠷᠬᠡ ᠪᠠᠷ | ᠵᠥᠬᠡᠪᠤᠷᠢᠯᠡᠵᠤ᠂ ᠲᠠᠬᠦᠨ ᠢ ᠬᠠᠷᠠᠬᠰᠠᠨ ᠬᠤᠯᠠ ᠤᠶᠢᠷ᠎ᠡ ᠶᠢᠨ ᠠᠶᠢᠯ ᠤᠳ ᠪᠤᠯᠢᠶᠠᠯᠴᠠᠬᠤ ᠶᠢᠨ ᠲᠤᠬ᠎ᠠ ᠪᠠᠷ | ᠤᠨᠤᠭ᠎ᠠ ᠬᠠᠰᠠᠭ ᠢᠶᠠᠷ ᠲᠡᠬᠡᠬᠡᠪᠥᠷᠢᠯᠡᠭᠰᠡᠬᠡᠷ ᠪᠠᠶᠢᠭᠠᠳ ᠨᠢᠬᠡ ᠨᠠᠮᠤᠷ ᠨᠢᠬᠡ ᠡᠪᠤᠯ ᠤᠨ ᠬᠤᠭᠤᠷᠤᠨᠳᠤ ᠬᠠᠷᠬᠢᠯ ᠶᠠᠰᠢᠯ | ᠨᠢ ᠲᠤᠷᠤᠶᠢᠬᠤ ᠪᠠᠷ᠎ᠠ ᠲᠠᠢ ᠶᠠᠭᠤᠮ᠎ᠠ ᠲᠡᠮᠡᠢ ᠥᠯᠡᠳᠡᠭᠡ ᠥᠬᠡᠢ ᠬᠠᠯᠴᠠᠭᠠᠢ ᠰᠢᠯᠢ ᠪᠤᠯᠤᠨ ᠬᠤᠴᠤᠷᠠᠵᠠᠢ᠃ | ᠬᠠᠷᠬᠢᠯ ᠮᠤᠳᠤ ᠬᠠᠮᠤᠭ ᠶᠡᠭᠡ ᠭᠠᠢ ᠭᠠᠮᠰᠢᠭ ᠤᠴᠠᠷᠠᠬᠰᠠᠨ ᠲᠠᠷᠠ ᠵᠢᠯ ᠪᠢ ᠨᠢᠬᠡ ᠨᠡᠷ᠎ᠡ ᠶᠢ ᠨᠢ ᠥᠯᠥ ᠮᠡᠳᠡᠬᠦ | ᠠᠷᠠᠰᠤᠨ ᠡᠪᠳᠴᠢᠨ ᠳᠤ ᠨᠠᠷᠪᠡᠭᠳᠡᠵᠤ ᠰᠢᠬᠦᠰᠥ ᠨᠥᠵᠢ ᠴᠤᠪᠤᠷᠢᠵᠤ ᠡᠳᠡᠬᠡᠷᠡᠵᠤ ᠪᠤᠯᠬᠤ ᠥᠬᠡᠢ ᠶᠡᠭᠡ ᠤᠳᠠᠬᠰᠠᠨ | ᠶᠤᠮ ᠡ᠃ ᠠᠵᠠ ᠪᠠᠷ ᠡᠵᠢ ᠮᠢᠨᠢ ᠣᠢ ᠰᠢᠭᠤᠢ ᠶᠢᠨ ᠲᠠᠯᠠᠪᠠᠢ ᠳᠤ ᠠᠵᠢᠯ ᠪᠠᠷ ᠪᠠᠭᠤᠬᠰᠠᠨ ᠨᠢᠬᠡᠨ ᠮᠡᠷᠬᠡᠵᠢᠯᠳᠠᠨ | ᠲᠠᠢ ᠤᠴᠠᠷᠠᠵᠤ᠂ ᠪᠥᠳᠥᠨ ᠪᠡᠶ᠎ᠡ ᠶᠢ ᠮᠢᠨᠢ ᠣᠯᠠᠨ ᠵᠥᠢᠯ ᠤᠨ ᠡᠪᠠᠰᠤᠨ ᠡᠮ ᠤᠨ ᠨᠤᠨᠳᠠᠭ ᠢᠶᠠᠷ ᠤᠯᠠᠨ ᠬᠤᠨᠤᠭ | ᠰᠢᠪᠠᠵᠣ ᠪᠠᠶᠢᠭᠠᠳ ᠡᠳᠡᠬᠡᠷᠡᠬᠦᠯᠵᠠᠢ᠃ ᠰᠤᠨᠢᠷᠬᠠᠯᠳᠠᠢ ᠨᠢ ᠬᠠᠴᠢᠨ ᠥᠨᠥᠷᠳᠡᠢ ᠰᠢᠷ᠎ᠠ ᠪᠠᠭᠠᠰᠤ ᠰᠢᠭ᠋ ᠲᠡᠷᠡ ᠡᠮ ᠳᠤ | ᠶᠠᠰᠢᠯ ᠮᠤᠳᠤᠨ ᠤ ᠨᠤᠨᠳᠠᠭ ᠭᠤᠤᠯ ᠵᠤᠷ ᠪᠤᠯᠤᠬᠰᠠᠨ ᠪᠠᠶᠢᠵᠠᠢ᠃ ᠡᠵᠢ ᠶᠢᠨ ᠬᠡᠯᠡᠬᠦ ᠪᠠᠷ ᠨᠠᠳᠠ ᠶᠢ ᠪᠠᠭ᠎ᠠ ᠠᠴᠠ | ᠪᠠᠨ ᠬᠡᠷᠡᠭ ᠤᠨ ᠡᠴᠢᠬᠡ ᠬᠡᠩᠬᠡᠷᠡᠭᠡ ᠶᠢᠨ ᠲᠤᠬᠢᠭᠤᠷ ᠪᠠᠶᠢᠵᠤ ᠠᠯᠢᠶ᠎ᠠ ᠲᠥᠢᠳᠬᠡᠷ ᠨᠢ ᠬᠡᠯᠡᠬᠦ ᠶᠢᠨ ᠠᠷᠭ᠎ᠠ ᠥᠬᠡᠢ | ᠶᠤᠮ ᠬᠡᠨ᠎ᠡ᠃ ᠲᠠᠷᠠ ᠨᠢᠬᠡ ᠭᠠᠢ ᠪᠠᠷᠴᠢᠳ ᠢ ᠲᠤᠭᠤᠯᠤᠭᠠᠳ ᠲᠡᠭᠷᠢ ᠭᠠᠵᠠᠷ ᠤᠨ ᠡᠷᠬᠢᠯᠳᠡ ᠭᠠᠷᠴᠤ ᠠᠮᠠᠨ ᠠᠴᠠ | ᠨᠢ ᠠᠯᠳᠠ ᠤᠨᠠᠮᠠᠷ ᠲᠤᠭᠤᠢ ᠨᠤᠮᠤᠬᠠᠨ ᠬᠡᠤᠬᠡᠳ ᠪᠤᠯᠤᠬᠰᠠᠨ ᠬᠡᠳᠡᠭ᠃ ᠠᠮᠢᠨ ᠬᠤᠯᠪᠤᠭ᠎ᠠ ᠲᠠᠢ ᠬᠠᠷᠬᠢᠯ ᠶᠠᠰᠢᠯ᠂ | ᠡᠪᠠᠰᠤ ᠤᠷᠭᠤᠮᠠᠯ ᠮᠢᠨᠢ ᠡ︕ | ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨᠳᠤ ᠤᠷᠤᠬᠰᠠᠨ ᠲᠡᠷᠡ ᠵᠢᠯ ᠶᠤᠮᠰᠠᠨ᠃ ᠪᠢ ᠠᠬ᠎ᠠ ᠪᠠᠨ | ᠲᠠᠭᠠᠵᠤ ᠮᠠᠯ ᠳᠤ ᠶᠠᠪᠤᠭᠠᠳ ᠪᠡᠯᠴᠢᠬᠡᠷ ᠤᠨ ᠥᠵᠤᠬᠦᠷ ᠠᠴᠠ ᠲᠠᠪᠠᠵᠤ᠂ ᠰᠠᠯᠬᠢ ᠲᠠᠭᠠᠵᠤ ᠶᠠᠪᠤᠬᠰᠠᠨ ᠬᠤᠨᠢ | ᠢᠮᠠᠭ᠎ᠠ ᠪᠠᠨ ᠬᠥᠬᠡᠬᠡᠬᠦ ᠶᠢᠨ ᠲᠥᠯᠥᠬᠡ ᠠᠯᠳᠠ ᠭᠠᠳᠠᠰᠤᠨ ᠴᠠᠶᠢᠳᠠᠮ ᠳᠤ ᠬᠥᠷᠳᠡᠯ᠎ᠡ ᠬᠥᠬᠡᠬᠡᠬᠦ ᠪᠤᠯᠵᠤ᠂ | ᠲᠠᠷᠴᠤᠬᠳᠤ ᠲᠤᠯᠤᠭᠠᠢ ᠲᠡᠬᠡᠷᠡᠬᠢ ᠭᠠᠭᠴᠠ ᠰᠠᠭᠤᠷᠢ ᠶᠠᠰᠢᠯ ᠮᠤᠳᠤᠨ ᠤ ᠥᠨᠳᠤᠰᠤᠨ ᠬᠥᠨᠳᠡᠢ ᠳᠤ ︽ᠮᠥᠩᠬᠦᠨ | ᠬᠤᠢ ᠲᠠᠢ ᠬᠢᠳᠤᠭ᠎ᠠ︾ ᠬᠡᠰᠡᠨ ᠨᠤᠮ ᠢᠶᠠᠨ ᠬᠠᠳᠠᠭᠠᠯᠠᠵᠤ ᠲᠠᠯᠪᠢᠭᠠᠳ ᠪᠤᠴᠠᠬᠤ ᠳᠤ ᠪᠠᠨ ᠶᠠᠳᠠᠷᠠᠵᠤ | ᠲᠤᠶᠢᠯᠳᠠᠬᠰᠠᠨ ᠠᠴᠠ ᠮᠠᠷᠳᠠᠵᠤ᠂ ᠨᠠᠯᠢᠶᠠᠳ ᠬᠤᠨᠤᠭ ᠤᠨ ᠲᠠᠷᠠᠭ᠎ᠠ ᠲᠡᠬᠢᠵᠤ ᠬᠠᠷᠬᠢᠯ ᠤᠨ ᠰᠢᠯᠢ ᠲᠡᠬᠡᠷ᠎ᠡ ᠭᠠᠷᠬᠤ | ᠳᠤ ᠭᠠᠭᠴᠠ ᠰᠠᠭᠤᠷᠢ ᠶᠠᠰᠢᠯ ᠮᠤᠳᠤ ᠨᠢ ᠥᠨᠳᠣᠰᠤ ᠲᠠᠢ ᠪᠠᠨ᠂ ᠬᠠᠶᠢᠷᠠᠯᠠᠵᠤ ᠬᠠᠷᠠᠮᠨᠠᠳᠠᠭ ᠨᠤᠮ ᠲᠠᠢ ᠮᠢᠨᠢ ᠬᠠᠮᠳᠤ | ᠪᠠᠷ᠎ᠠ ᠲᠤᠷᠤ ᠥᠬᠡᠢ ᠪᠤᠯᠵᠤ᠂ ᠬᠠᠷᠬᠢᠯ ᠤᠨ ᠰᠢᠯᠢ ᠶᠢᠨ ᠰᠡᠬᠦᠯᠴᠢ ᠶᠢᠨ ᠬᠡᠳᠤᠨ ᠪᠤᠰᠤᠭ᠎ᠠ ᠶᠠᠰᠢᠯ ᠣᠷᠣ ᠲᠠᠰᠤᠷᠠᠵᠠᠢ | ᠪᠢᠯᠡ᠃ ᠤᠳᠤ ᠪᠤᠯᠳᠠᠯ᠎ᠠ ᠮᠤᠩᠭᠤᠯ ᠨᠤᠳᠤᠭ ᠠᠴᠠ ᠡᠬᠢᠯᠡᠨ ᠶᠠᠪᠤᠬᠰᠠᠨ ᠭᠠᠵᠠᠷ ᠪᠥᠬᠦᠨ ᠳᠤ ᠤᠢ ᠪᠤᠯᠤᠬᠰᠠᠨ | ᠶᠠᠰᠢᠯ ᠲᠠᠢ ᠭᠠᠵᠠᠷ ᠢ ᠲᠡᠬᠢᠵᠤ ᠤᠯᠵᠤ ᠥᠵᠡᠭᠰᠡᠨ ᠥᠬᠡᠢ ᠨᠢ ᠶᠠᠰᠢᠯ ᠪᠤᠯ ᠶᠠᠭ ᠯᠠ ᠮᠠᠨ ᠤ ᠡᠯᠡᠰᠤ ᠮᠠᠩᠬ᠎ᠠ᠂ | ᠪᠠᠯᠠᠷ ᠰᠢᠯᠢ ᠬᠤᠯᠢᠯᠳᠣᠬᠰᠠᠨ ᠬᠠᠬᠢᠷ ᠬᠠᠭᠤᠷᠡᠢ ᠤᠷᠤᠨ ᠳᠤ ᠯᠡ ᠲᠤᠬᠢᠷᠠᠬᠰᠠᠨ ᠡᠬᠡ ᠪᠠᠶᠢᠭᠠᠯᠢ ᠠᠴᠠ ᠬᠠᠶᠢᠷᠯᠠᠬᠰᠠᠨ | ᠡᠴᠢᠨ᠎ᠠ ᠭᠠᠶᠢᠬᠠᠮᠰᠢᠬᠳᠤ ᠬᠤᠪᠤᠷ ᠴᠤᠬᠠᠭ ᠤᠷᠭᠤᠮᠠᠯ ᠪᠠᠶᠢᠬᠰᠠᠨ ᠨᠢ ᠢᠯᠡᠷᠬᠡᠢ᠃ ᠡᠯᠡᠰᠤᠨ ᠭᠤᠪᠢ ᠶᠢᠨ ᠠᠯᠳᠠᠨ | ᠲᠤᠤᠷᠡᠢ ᠲᠠᠢ ᠮᠥᠷᠤ ᠵᠢᠷᠬᠡᠴᠡᠬᠦ ᠡᠷᠳᠡᠨᠢ ᠪᠤᠯᠤᠬᠰᠠᠨ ᠶᠠᠰᠢᠯ ᠢᠶᠠᠨ ᠥᠨᠳᠤᠰᠤ ᠤᠬᠰᠠᠭ᠎ᠠ ᠲᠠᠰᠤᠷᠠᠬᠤ ᠶᠢ ᠬᠠᠷᠠᠬᠤ | ᠮᠠᠨ ᠤ ᠥᠶ᠎ᠡ ᠶᠢᠨ ᠬᠢᠨ ᠶᠠᠭᠤᠳᠠᠢ ᠡᠮᠬᠢᠨᠡᠯᠳᠡᠢ ᠭᠤᠨᠢᠬᠯᠠᠯᠳᠠᠢ ᠪᠤᠢ︕︖ ᠬᠡᠷᠪᠡ ᠲᠡᠤᠬᠡ ᠶᠢᠨ | ᠬᠠᠭᠤᠳᠠᠰᠤᠨ ᠠᠴᠠ ᠲᠡᠷᠡᠬᠦ ᠠᠷᠪᠠ ᠬᠤᠷᠢᠭᠠᠳ ᠵᠢᠯ ᠢ ᠬᠠᠰᠤᠵᠤ ᠴᠢᠳᠠᠳᠠᠭ ᠪᠤᠯ ᠤᠷᠳᠤᠰ ᠨᠤᠳᠤᠭ ᠤᠨ ᠮᠤᠤᠡᠤᠰᠤ | ᠡᠯᠡᠰᠤᠨ ᠤ ᠶᠠᠰᠢᠯ ᠲᠠᠢ ᠰᠢᠯᠢ ᠪᠠᠯᠠᠷ ᠪᠥᠬᠦᠨᠡᠷᠬᠡ ᠥᠬᠡᠢ ᠭᠠᠳᠠᠭᠠᠳᠤ ᠲᠤᠳᠤᠭᠠᠳᠤ ᠶᠢᠨ ᠮᠡᠷᠬᠡᠵᠢᠯᠳᠡᠨ | ᠰᠢᠨᠵᠢᠯᠬᠡᠳᠡᠨ ᠪᠤᠯᠤᠨ ᠵᠤᠭᠠᠴᠠᠬᠰᠠᠳ ᠤᠨ ᠪᠠᠭ᠋ᠠᠷᠤᠯ ᠢ ᠲᠠᠳᠠᠬᠰᠠᠨ ᠤᠯᠠᠨ ᠤᠯᠤᠰ ᠤᠨ ᠬᠡᠪᠴᠢᠶᠠᠨ ᠤ ᠶᠠᠰᠢᠯ | ᠮᠤᠳᠤᠨ ᠤ ᠪᠠᠶᠢᠭᠠᠯᠢ ᠶᠢᠨ ᠬᠠᠮᠠᠭᠠᠯᠠᠯᠳᠠ ᠶᠢᠨ ᠴᠡᠴᠡᠷᠯᠢᠭ ᠪᠤᠯᠤᠬᠰᠠᠨ ᠨᠢ ᠯᠠᠪᠳᠠᠢ᠃ ᠲᠡᠬᠡᠪᠡᠯ ᠪᠢᠳᠡ ᠶᠠᠭᠤᠨ ᠳᠤ | ᠪᠠᠨ ᠬᠡᠵᠤ ᠥᠷᠥᠬᠡᠯ ᠬᠠᠷᠢ ᠶᠢᠨ ᠤᠢ ᠰᠢᠭᠤᠢ᠂ ᠡᠵᠡᠨ᠎ᠡ ᠲᠤᠷᠭᠤᠤᠨ ᠤᠨ ᠲᠤᠤᠷᠡᠢ ᠶᠢᠨ ᠤᠢ ᠶᠢ ᠬᠠᠴᠢᠷᠬᠠᠨ | ᠭᠠᠶᠢᠬᠠᠵᠤ ᠶᠠᠪᠤᠬᠤ ᠶᠤᠮ ᠳ᠋ᠠ᠃ ᠬᠠᠷᠠᠰᠠᠯᠳᠤ ᠲᠡᠤᠬᠡᠳᠤ ᠡᠪᠤᠬᠡᠨ ᠪᠤᠭᠤᠷᠤᠯ ᠬᠠᠷᠬᠢᠯ ᠤᠨ ᠰᠢᠯᠢ ᠮᠢᠨᠢ ᠡ︕ | | ᠨᠠᠶᠠᠨ ᠬᠡᠳᠤᠨ ᠤᠨ ᠳᠤ ᠬᠠᠷᠬᠢᠯ ᠤᠨ ᠰᠢᠯᠢ ᠨᠠᠶᠢᠳᠠ ᠶᠢᠨ ᠪᠡᠯᠴᠢᠬᠡᠷ ᠪᠠᠶᠢᠬᠰᠠᠨ ᠠᠴᠠ ᠪᠠᠨ ᠬᠤᠪᠢ | ᠠᠶᠢᠯ ᠤᠨ ᠪᠡᠯᠴᠢᠬᠡᠷ ᠪᠤᠯᠵᠤ ᠬᠤᠪᠢᠷᠠᠪᠠ᠃ ᠡᠬᠢᠨ ᠤ ᠥᠶ᠎ᠡ ᠠᠶᠢᠯ ᠤᠳ ᠪᠡᠯᠴᠢᠬᠡᠷ ᠢᠶᠠᠨ ᠲᠤᠰᠭᠠᠷᠯᠠᠬᠤ ᠶᠢ ᠮᠡᠳᠡᠬᠦ | ᠥᠬᠡᠢ ᠪᠠᠶᠢᠬᠰᠠᠨ ᠪᠤᠯᠬᠤᠷ ᠮᠠᠨ ᠤ ᠬᠢᠨ ᠤ ᠮᠤᠷᠢ ᠥᠬᠡᠷ ᠤᠨ ᠰᠥᠷᠥᠭ ᠶᠡᠭᠡ ᠤᠷᠤᠢ ᠪᠤᠯᠳᠠᠯ᠎ᠠ ᠡᠪᠡᠰᠤᠯᠠᠵᠤ | ᠪᠡᠯᠴᠢᠬᠡᠷᠯᠡᠵᠤ ᠪᠠᠶᠢᠬᠰᠠᠨ ᠢᠶᠠᠨ ᠪᠥᠷ ᠰᠡᠬᠦᠯ ᠳᠤ ᠠᠷᠪᠠᠨ ᠬᠡᠳᠤᠨ ᠬᠡᠰᠡᠭ ᠬᠤᠪᠢᠶᠠᠬᠳᠠᠵᠤ᠂ ᠲᠠᠮᠤᠷ ᠲᠤᠤᠷ ᠢᠶᠠᠷ | ᠬᠥᠷᠢᠶᠡᠯᠡᠭᠳᠡᠭᠰᠡᠨ ᠤᠴᠢᠷ ᠲᠡᠬᠢᠵᠤ ᠰᠢᠯᠢ ᠳᠤ ᠭᠠᠷᠬᠤ ᠲᠤᠬᠢᠶᠠᠯ ᠴᠤ ᠴᠥᠬᠡᠷᠡᠪᠡ᠃ ᠬᠠᠷᠬᠢᠯ ᠤᠨ ᠰᠢᠯᠢ ᠶᠢᠨ | ᠡᠮᠤᠨ᠎ᠡ ᠡᠩᠬᠡᠷ᠂ ᠵᠠᠬᠦᠨ ᠪᠠᠷᠠᠭᠤᠨ ᠰᠤᠭᠤ ᠬᠤᠭᠤᠯᠠᠢ᠂ ᠠᠷᠤ ᠬᠤᠷᠮᠤᠢ ᠳᠤ ᠵᠡᠬᠡᠷᠬᠡᠨ᠎ᠡ ᠡᠪᠠᠰᠤ ᠭᠠᠵᠠᠷ ᠰᠠᠢ | ᠥᠬᠡᠢ ᠤᠷᠭᠤᠵᠤ᠂ ᠬᠤᠶᠢᠳᠤ ᠲᠠᠯ ᠳᠤ ᠨᠢ ᠰᠢᠭᠢᠷ ᠡᠪᠠᠰᠤ ᠤᠷᠭᠤᠵᠤ ᠪᠠᠶᠢᠬᠰᠠᠨ ᠪᠤᠯᠬᠤᠷ ᠡᠮ ᠤᠨ ᠮᠡᠲ᠋ᠧᠷᠢᠶᠠᠯ | ᠦᠨ᠎ᠠ ᠳᠤ ᠬᠥᠷᠤᠭ᠍ᠰᠡᠨ ᠲᠡᠳᠡᠬᠡᠷ ᠵᠢᠯ ᠳᠤ ᠬᠠᠳᠤᠭᠤᠷᠴᠢᠨ ᠮᠠᠯᠳᠠᠭᠤᠷᠴᠢᠨ ᠰᠢᠯᠢ ᠶᠢ ᠪᠥᠷᠬᠦᠵᠤ᠂ ᠲᠡᠷᠬᠡ | ᠤᠨᠤᠭ᠎ᠠ ᠬᠥᠷᠥᠯᠳᠤᠵᠤ ᠪᠠᠶᠢᠭᠠᠳ ᠰᠢᠭᠢᠷ ᠡᠪᠠᠰᠤ ᠨᠢ ᠬᠡᠳᠤᠬᠡᠨ ᠵᠢᠯ ᠳᠤ ᠥᠨᠳᠤᠰᠤ ᠲᠠᠰᠤᠷᠠᠵᠤ᠂ ᠵᠡᠬᠡᠷᠬᠡᠨ᠎ᠡ | ᠤᠷᠭᠤᠳᠠᠭ ᠲᠠᠯᠠᠪᠠᠢ ᠴᠤ ᠬᠠᠭᠠᠰ ᠲᠤᠭᠠᠨ ᠤ ᠬᠡᠪᠴᠢᠶ᠎ᠠ ᠪᠠᠷ ᠪᠠᠭᠠᠰᠤᠬᠰᠠᠨ ᠪᠠᠶᠢᠨ᠎ᠠ᠃ ᠶᠠᠷᠡᠨ ᠬᠡᠳᠤᠨ ᠤᠨ ᠠᠴᠠ | ᠡᠬᠢᠯᠡᠨ ᠬᠠᠷᠬᠢᠯ ᠤᠨ ᠰᠢᠯᠢ ᠶᠢᠨ ᠡᠷᠬᠢᠨ ᠲᠤᠭᠤᠷᠢᠨ ᠳᠤ ᠴᠢᠯᠠᠭᠤᠨ ᠲᠤᠰᠤ᠂ ᠰᠢᠳᠠᠮᠠᠬᠠᠢ ᠬᠡᠢ ᠶᠢᠨ ᠬᠠᠶᠢᠯᠳᠠ | ᠬᠢᠵᠤ ᠬᠠᠳᠠᠭᠤ ᠬᠥᠷᠤᠰᠤ ᠶᠢ ᠰᠠᠨᠳᠠᠯᠤᠨ᠂ ᠭᠠᠵᠠᠷ ᠤᠨ ᠬᠥᠨ ᠪᠤᠯᠳᠠᠯ᠎ᠠ ᠴᠤᠭᠤᠴᠢᠵᠤ ᠪᠠᠶᠢᠬᠰᠠᠨ ᠢᠶᠠᠨ ᠰᠢᠳᠠᠮᠠᠬᠠᠢ | ᠬᠡᠢ ᠶᠢᠨ ᠶᠡᠭᠡ ᠢᠯᠡᠷᠡᠬᠦᠯᠥᠯᠳᠡ ᠪᠤᠯᠵᠤ᠂ ᠨᠠᠩ ᠶᠡᠭᠡ ᠬᠡᠮᠵᠢᠶᠠᠨ ᠤ ᠨᠡᠬᠡᠬᠡᠯᠳᠡ ᠪᠤᠯᠤᠭᠠᠳ᠂ ᠮᠠᠯ ᠰᠥᠷᠥᠭ | ᠠᠮᠢᠳᠠᠨ ᠵᠢᠬᠦᠷᠳᠡᠨ ᠠᠴᠠ ᠥᠬᠡᠷ᠎ᠡ ᠲᠠᠭᠤ ᠠᠶᠠᠯᠭᠤ ᠥᠬᠡᠢ ᠰᠢᠯᠢ ᠶᠢᠨ ᠤᠷᠤᠢ ᠡᠳᠤᠷᠵᠢᠨ ᠰᠤᠨᠢᠵᠢᠨ ᠬᠥᠴᠤᠳᠤ | ᠮᠠᠰᠢᠨ ᠬᠥᠨᠳᠡᠶᠢᠯᠡᠬᠦ ᠥᠷᠥᠮᠳᠡᠬᠦᠷ ᠬᠥᠷᠴᠢᠬᠡᠨᠡᠬᠦ ᠨᠥᠰᠡᠷ ᠲᠠᠭᠤᠨ ᠳᠤ ᠪᠥᠰᠡᠯᠡᠭᠳᠡᠭᠰᠡᠨ ᠪᠠᠶᠢᠨ᠎ᠠ᠃ ᠬᠡᠳᠤᠬᠡᠨ ᠵᠢᠯ | ᠤᠨ ᠲᠤᠳᠤᠷ᠎ᠠ ᠬᠠᠷᠬᠢᠯ ᠤᠨ ᠰᠢᠯᠢ ᠶᠢᠨ ᠤᠷᠤᠢ ᠪᠠᠷ ᠬᠢ ᠥᠩ ᠰᠢᠮᠡᠯᠢᠭ ᠬᠥᠷᠤᠰᠤ ᠰᠢᠷᠤᠢ ᠨᠢ ᠠᠳᠡ ᠲᠠᠨᠳᠠ ᠨᠢ | ᠰᠡᠨᠴᠢᠭᠳᠡᠨ ᠴᠤᠭᠤᠷᠠᠵᠤ᠂ ᠢᠳᠡᠭᠳᠡᠨ ᠬᠠᠯᠴᠠᠭᠠᠶᠢᠷᠠᠭᠠᠳ᠂ ᠡᠯᠡᠰᠤ ᠰᠢᠷᠤᠢ ᠬᠤᠶᠢᠯᠠᠷᠠᠬᠰᠠᠨ ᠡᠷᠢᠶᠠᠨ ᠴᠤᠬᠤᠷ ᠰᠢᠯᠢ | ᠪᠤᠯᠵᠤ ᠬᠤᠪᠢᠷᠠᠵᠠᠢ᠃ ᠰᠤᠨᠤᠰᠬᠤᠯ᠎ᠠ ᠬᠠᠷᠬᠢᠯ ᠤᠨ ᠰᠢᠯᠢ ᠶᠢᠨ ᠲᠤᠤᠷ᠎ᠠ ᠪᠠᠰᠠ ᠬᠤᠪᠤᠷ ᠨᠡᠬᠦᠷᠡᠰᠤ ᠥᠨᠡᠳᠤ | ᠴᠢᠯᠠᠭᠤ ᠲᠠᠷᠤᠬᠳᠠᠵᠤ ᠪᠠᠶᠢᠳᠠᠭ ᠬᠡᠨ᠎ᠡ᠃ ᠬᠥᠷᠤᠰᠤᠨ ᠤ ᠶᠡᠭᠡ ᠬᠥᠨ ᠳᠤ ᠪᠠᠶᠢᠳᠠᠭ ᠠᠴᠠ ᠤᠳᠤᠬᠢ ᠮᠠᠷᠬᠡᠵᠢᠯ ᠨᠢ | ᠮᠠᠯᠳᠠᠵᠤ ᠴᠢᠳᠠᠳᠠᠭ ᠥᠬᠡᠢ ᠴᠤ ᠬᠡᠨ᠎ᠡ᠃ ᠬᠠᠷᠬᠢᠯ ᠤᠨ ᠰᠢᠯᠢ ᠶᠢᠨ ᠮᠢᠨᠢ ᠬᠤᠪᠢ ᠵᠠᠶᠠᠭ᠎ᠠ ᠢᠷᠡᠬᠦ ᠮᠠᠷᠭᠠᠰᠢ | ᠶᠠᠮᠠᠷᠬᠠᠨ ᠪᠤᠯᠬᠤ ᠬᠡᠬᠦ ᠠᠴᠠ ᠥᠷᠥ ᠵᠢᠷᠤᠬᠡ ᠮᠢᠨᠢ ᠭᠤᠨᠢᠭ ᠭᠤᠳᠤᠷᠠᠯ ᠢᠶᠠᠷ ᠲᠥᠬᠦᠷᠥᠨᠡ᠃ ᠥᠪᠡᠷ ᠤᠨ ᠪᠡᠶ᠎ᠡ | ᠮᠢᠨᠢ ᠪᠢᠳᠡᠬᠦᠥ ᠬᠠᠷ᠎ᠠ ᠨᠢᠬᠦᠯ ᠬᠢᠯᠢᠨᠴᠡ ᠥᠢᠯᠡᠳᠥᠭᠰᠡᠨ ᠪᠠᠭ ᠬᠠᠷ᠎ᠠ ᠴᠢᠳᠬᠦᠷ ᠪᠤᠯᠵᠤ ᠰᠠᠨᠠᠬᠳᠠᠵᠤ᠂ ᠥᠶ᠎ᠡ ᠶᠢᠨ | ᠥᠶ᠎ᠡ ᠪᠠᠷ ᠬᠤᠯᠠᠵᠤ ᠴᠢᠳᠠᠰᠢ ᠥᠬᠡᠢ ᠥᠷᠢ ᠲᠥᠯᠥᠬᠡᠰᠤ ᠲᠠᠢ ᠪᠤᠯᠤᠬᠰᠠᠨ ᠰᠢᠭ᠋ ᠰᠢᠨᠠᠯᠤᠯ ᠡᠪᠡᠷᠰᠢᠶᠠᠯ ᠳᠤ | ᠠᠪᠳᠠᠨᠠ᠃ ᠡᠳ᠋ ᠡᠷᠳᠡᠨᠢᠰ ᠢᠶᠠᠨ ᠬᠠᠷᠠᠮ ᠥᠬᠡᠢ ᠡᠷᠬᠦᠭᠰᠡᠬᠡᠷ ᠢᠷᠡᠭᠰᠡᠨ ᠥᠭᠯᠡᠭᠡ ᠶᠡᠬᠡᠳᠤ ᠥᠭᠶᠤᠬᠡᠮᠤᠷ | ᠰᠡᠳᠬᠢᠯᠳᠤ ᠬᠠᠷᠬᠢᠯ ᠤᠨ ᠰᠢᠯᠢ ᠮᠢᠨᠢ ᠡ︕ | ᠨᠠᠮᠠᠢᠢ ᠰᠦᠨ ᠦᠨᠦᠷ ᠲᠠᠢ ᠪᠦᠯᠢᠶᠡᠨ ᠨᠢᠷᠤᠭᠤᠨ ᠲᠡᠭᠡᠷ᠎ᠡ ᠪᠠᠨ ᠡᠬᠦᠷᠦᠭᠡᠳ ᠬᠠᠷᠬᠢᠯ ᠤᠨ ᠰᠢᠯᠢ ᠳᠤ | ᠭᠠᠷᠭᠠᠭᠰᠠᠨ ᠡᠵᠢ ᠮᠢᠨᠢ ᠴᠦ ᠤᠳᠤ ᠬᠠᠷᠬᠢᠯ ᠮᠤᠳᠤ ᠶᠢᠨ ᠢᠶᠠᠨ ᠬᠤᠶᠢᠨ᠎ᠠ ᠠᠴᠠ ᠶᠠᠪᠤᠭᠠᠳ ᠭᠡᠳᠦᠨ ᠵᠢᠯ ᠪᠤᠯᠤᠯ᠎ᠠ᠃ | ᠦᠯᠡᠳᠡᠭᠰᠡᠨ ᠨᠢ ᠡᠵᠢ ᠶᠢᠨ ᠮᠢᠨᠢ ᠭᠡᠨ ᠳᠤ ᠴᠦ ᠲᠤᠰᠠ ᠪᠠᠨ ᠬᠦᠷᠭᠡᠬᠦ ᠭᠡᠵᠤ ᠵᠢᠳᠬᠦᠳᠡᠭ ᠭᠠᠭᠴᠠ ᠦᠵᠦᠬᠦᠷᠳᠤ | ᠵᠤᠷᠢᠭ ᠰᠠᠨᠠᠭ᠎ᠠ᠂ ᠡᠵᠢ ᠶᠢᠨ ᠮᠢᠨᠢ ᠤᠨᠠᠰᠢ ᠦᠭᠡᠢ ᠦᠩᠭᠡ ᠪᠤᠳᠤᠭ ᠪᠤᠯᠵᠤ᠂ ᠬᠠᠷᠬᠢᠯ ᠤᠨ ᠰᠢᠯᠢ ᠶᠢᠨ ᠪᠠᠷ᠎ᠠ | ᠪᠤᠯᠵᠤ ᠰᠠᠨᠠᠬᠳᠠᠨ᠎ᠠ᠃ | ᠬᠠᠷᠬᠢᠯ ᠤᠨ ᠰᠢᠯᠢ ᠨᠢ ᠶᠠᠰᠢᠯ ᠤᠨ ᠪᠠᠷ᠎ᠠ ᠥᠬᠡᠢ ᠭᠤᠴᠢᠨ ᠬᠡᠳᠤᠨ ᠵᠢᠯ ᠪᠤᠯᠵᠠᠢ᠃ ᠡᠨᠡ ᠵᠢᠯ ᠤᠨ ᠵᠤᠨ ᠤ | ᠰᠠᠶᠢᠬᠠᠨ ᠤᠯᠠᠷᠢᠯ ᠳᠤ ᠪᠢ ᠨᠤᠳᠤᠭ ᠲᠤ ᠪᠠᠨ ᠬᠥᠷᠴᠤ ᠠᠯᠠᠭ ᠲᠤᠯᠤᠭᠠᠢ ᠲᠡᠬᠡᠷ᠎ᠡ ᠪᠠᠨ ᠭᠠᠷᠪᠠ᠃ ᠶᠠᠭᠤ ᠤᠯᠵᠤ | ᠥᠵᠡᠭᠰᠡᠨ ᠬᠡᠵᠣ ᠰᠠᠨᠠᠪᠠ︖ ᠥᠨᠳᠤᠰᠤ ᠬᠥᠷᠳᠡᠯ᠎ᠡ ᠥᠯᠡᠳᠡᠭᠰᠡᠨ ᠥᠬᠡᠢ ᠬᠡᠵᠤ ᠰᠠᠨᠠᠬᠰᠠᠨ ᠬᠠᠷᠬᠢᠯ ᠤᠨ ᠶᠠᠰᠢᠯ | ᠥᠨᠳᠤᠷ ᠲᠤᠯᠤᠭᠠᠢ ᠶᠢᠨ ᠡᠩᠬᠡᠷ ᠲᠤ ᠶᠠᠭᠠᠬᠢᠵᠤ ᠨᠢᠭᠤᠵᠤ ᠴᠢᠳᠠᠵᠤ ᠪᠠᠶᠢᠪᠠ ᠬᠡᠮᠡᠷ ᠠᠶᠠᠭᠠᠨ ᠬᠢᠷᠢ ᠪᠥᠳᠤᠬᠦᠨ | ᠶᠠᠰᠢᠯ ᠤᠨ ᠲᠠᠭᠠᠷᠢᠭᠳᠠᠬᠰᠠᠨ ᠥᠬᠢᠷᠡᠬᠡᠢ ᠶᠤᠵᠤᠭᠤᠷ ᠰᠠᠯᠬᠢ ᠪᠤᠷᠤᠭᠠᠨ ᠤ ᠢᠳᠡᠭᠳᠡᠯ ᠢᠶᠠᠷ ᠭᠠᠵᠠᠷ ᠤᠨ | ᠬᠥᠷᠤᠰᠤᠨ ᠠᠴᠠ ᠢᠯᠡ ᠭᠠᠷᠴᠣ ᠤᠭ ᠠᠴᠠ ᠨᠢ ᠲᠥᠬᠡ ᠣᠷᠳᠤ ᠰᠢᠨ᠎ᠠ ᠨᠠᠮᠠᠭ᠎ᠠ ᠤᠷᠭᠤᠬᠰᠠᠨ ᠪᠠᠶᠢᠯ᠎ᠠ᠃ ᠲᠡᠷᠡᠬᠡᠨ | ᠮᠥᠴᠡ ᠳᠤ ᠬᠦᠯᠦᠰᠤ᠂ ᠰᠦ ᠪᠠᠷ ᠭᠤᠤᠯᠯᠠᠭᠰᠠᠨ ᠡᠵᠢ ᠶᠢᠨ ᠮᠢᠨᠢ ᠨᠢᠷᠤᠭᠤᠨ ᠤ ᠦᠨᠦᠷ ᠲᠡᠨᠳᠡ ᠬᠠᠩᠬᠤᠯᠠᠬᠤ | ᠰᠢᠭ᠋ ᠪᠤᠯᠵᠤ ᠪᠢᠯᠡ᠃᠃ | ᠱᠠᠬᠰᠢᠷᠠᠵᠤ ᠭᠠᠶᠢᠬᠠᠬᠤ ᠶᠢᠨ ᠲᠤᠶᠢᠯ ᠪᠤᠯᠵᠤ ᠪᠥᠳᠤᠨ ᠡᠳᠤᠷ ᠭᠠᠩ ᠤᠨ ᠬᠠᠭᠠᠷᠬᠠᠢ᠂ ᠲᠠᠷᠴᠤᠬᠳᠤ | ᠲᠤᠯᠤᠭᠠᠢ᠂ ᠭᠤᠵᠤᠩ ᠬᠠᠷᠬᠢᠯ᠂ ᠬᠠᠳᠠᠭᠤ ᠲᠤᠯᠤᠭᠠᠢ ᠪᠠᠷ ᠬᠡᠤᠬᠡᠳ ᠰᠢᠭ ᠲᠠᠪᠬᠡᠷᠡᠵᠤ᠂ ᠬᠥᠯ ᠬᠥᠬᠡᠷᠴᠡᠭ ᠪᠤᠯᠵᠤ | ᠡᠷᠢᠯ ᠲᠠᠯᠪᠢᠪᠠ᠃ ᠶᠠᠳᠠᠬᠤ ᠳᠤ ᠬᠡᠳᠤᠨ ᠠᠷᠪᠠᠨ ᠶᠠᠰᠢᠯ ᠤᠨ ᠥᠨᠳᠤᠰᠤ ᠠᠴᠠ ᠰᠢᠨ᠎ᠠ ᠤᠯᠠᠭᠠᠨ ᠬᠥᠷᠡᠩ᠂ | ᠤᠯᠠᠭᠠᠨ ᠪᠤᠷᠤ ᠰᠤᠶᠤᠭ᠎ᠠ ᠨᠠᠮᠠᠭ᠎ᠠ ᠰᠤᠭᠤᠷᠤᠨ ᠭᠠᠷᠤᠬᠰᠠᠨ ᠢ ᠬᠠᠷᠠᠯ᠎ᠠ᠃ ᠶᠠᠰᠢᠯ ᠢ ᠲᠤᠤᠷᠡᠢ ᠲᠠᠢ ᠠᠳᠠᠯᠢᠬᠠᠨ | ᠤᠷᠭᠤᠬᠤ ᠳᠤ ᠮᠢᠩᠭᠠᠨ ᠵᠢᠯ᠂ ᠤᠨᠠᠬᠤ ᠳᠤ ᠮᠢᠩᠭᠠᠨ ᠵᠢᠯ᠂ ᠥᠬᠢᠷᠡᠬᠦ ᠳᠤ ᠮᠢᠩᠭᠠᠨ ᠵᠢᠯ ᠬᠡᠳᠡᠭ ᠪᠥᠬᠡᠳ ᠲᠥᠴᠢ | ᠲᠠᠪᠢᠨ ᠵᠢᠯ ᠳᠤ ᠨᠢᠳᠤᠷᠭᠠᠨ ᠬᠢᠷᠢ ᠪᠥᠳᠤᠬᠦᠨ ᠪᠤᠯᠳᠠᠭ ᠬᠡᠨ᠎ᠡ ᠪᠢᠯᠡ᠃ ᠲᠡᠬᠡᠬᠦ ᠳᠤ ᠨᠠᠳᠠ ᠢᠮᠡᠭᠠᠨ ᠰᠢᠳᠠᠮ ᠤᠨ | ᠬᠢᠷᠢ ᠪᠤᠯᠬᠤ ᠶᠢ ᠥᠵᠡᠬᠦ ᠨᠠᠰᠤ ᠪᠠᠶᠢᠬᠤ ᠴᠤ ᠶᠤᠮ ᠤᠤ ᠬᠡᠬᠦ ᠪᠤᠳᠤᠯ ᠤᠷᠭᠤᠵᠤ ᠠᠮᠵᠢᠬᠤ ᠶᠢ ᠶᠠᠭᠠᠬᠢᠨ᠎ᠠ᠃ | ᠠᠯᠮᠠᠶᠢᠷᠠᠯ ᠰᠤᠴᠢᠯ ᠪᠥᠬᠦᠨ ᠢ ᠬᠥᠷᠬᠡᠭᠰᠡᠨ ᠡᠳᠡᠬᠡᠳ ᠭᠠᠶᠢᠬᠠᠮᠰᠢᠬᠳᠤ ᠬᠠᠷᠬᠢᠯ ᠤᠨ ᠰᠢᠯᠢ ᠮᠢᠨᠢ ᠡ︕ | | ᠡᠬᠡ ᠪᠠᠶᠢᠭᠠᠯᠢ ᠬᠡᠵᠤ ᠶᠠᠭᠤᠳᠠᠢ ᠰᠤᠨᠢᠨ ᠬᠠᠴᠢᠨ ᠶᠠᠭᠤᠮ᠎ᠠ ᠪᠢᠯᠡ︖ ᠠᠮᠢ ᠠᠬᠤᠢ ᠶᠢᠨ ᠬᠠᠮᠠᠭᠠᠯᠠᠯᠳᠠ | ᠰᠡᠷᠬᠦᠬᠡᠯᠳᠡ ᠬᠢᠭᠰᠡᠨ ᠠᠷᠪᠠᠨ ᠬᠡᠳᠣᠨ ᠵᠢᠯ ᠤᠨ ᠬᠤᠭᠤᠴᠠᠭᠠᠨ ᠳᠤ ᠪᠥᠬᠦ ᠰᠢᠯᠢ ᠪᠠᠷ ᠢᠶᠠᠨ ᠨᠢᠳᠤ ᠬᠠᠯᠢᠷᠠᠮᠠᠷ ᠡᠯᠡᠰᠤ | ᠮᠠᠩᠬ᠎ᠠ ᠪᠤᠯᠬᠤ ᠠᠶᠤᠯ ᠳᠤ ᠤᠴᠠᠷᠠᠭᠠᠳ ᠪᠠᠶᠢᠬᠰᠠᠨ ᠥᠵᠡᠭᠳᠡᠯ ᠥᠬᠡᠷᠡᠴᠢᠯᠡᠭᠳᠡᠵᠤ ᠰᠢᠷ᠎ᠠ ᠡᠯᠡᠰᠤ ᠲᠠᠬᠢᠨ | ᠪᠥᠷᠢᠮᠤᠰᠤᠨ ᠬᠠᠷᠭᠠᠨ᠎ᠠ ᠰᠢᠪᠠᠭ ᠵᠤᠶᠢᠯ ᠤᠨ ᠡᠪᠠᠰᠤ ᠤᠷᠭᠤᠮᠠᠯ ᠲᠤᠤᠷ᠎ᠠ ᠲᠠᠷᠤᠬᠳᠠᠬᠰᠠᠨ ᠪᠠᠶᠢᠪᠠ᠃ ᠥᠷ᠎ᠡ | ᠬᠤᠶᠢᠴᠢᠰ ᠮᠢᠨᠢ ᠡᠨᠡ ᠨᠤᠳᠤᠭ ᠲᠤ ᠪᠠᠶᠢᠳᠠᠭ ᠲᠤ ᠲᠤᠯᠪᠠᠯ ᠬᠡᠳᠤᠨ ᠠᠷᠪᠠᠨ ᠵᠢᠯ ᠤᠨ ᠲᠠᠷᠠᠭ᠎ᠠ ᠵᠤᠬᠰᠤᠭ᠎ᠠ ᠪᠠᠷ᠎ᠠ | ᠲᠠᠢ ᠤᠷᠭᠤᠭ᠎ᠠ ᠶᠠᠰᠢᠯ ᠤᠯᠵᠤ ᠥᠵᠡᠬᠦ ᠪᠥᠬᠡᠳ ᠬᠡᠳᠤᠨ ᠵᠠᠭᠤᠨ ᠵᠢᠯ ᠤᠨ ᠲᠠᠷᠠᠭ᠎ᠠ ᠶᠠᠰᠢᠯ ᠤᠨ ᠤᠢ ᠰᠡᠷᠬᠦᠨ | ᠪᠤᠰᠬᠤ ᠬᠡᠰᠡᠨ ᠬᠡᠶᠢᠷᠬᠡᠯ ᠳᠤ ᠠᠪᠳᠠᠵᠤ ᠲᠥᠮᠡᠨ ᠳᠤ ᠵᠠᠷᠯᠠᠵᠤ ᠪᠤᠮᠠᠨ ᠳᠤ ᠲᠤᠩᠬᠠᠬᠯᠠᠮᠠᠷ ᠪᠤᠯᠪᠠ᠃ ᠥᠨᠢ | ᠮᠥᠩᠬᠡ ᠶᠢᠨ ᠨᠤᠭᠤᠭᠠᠨ ᠵᠡᠬᠦᠳᠤ ᠲᠠᠢ ᠬᠠᠷᠬᠢᠯ ᠤᠨ ᠰᠢᠯᠢ ᠮᠢᠨᠢ ᠡ︕ |