ᠴᠠᠬᠠᠷ ᠨᠠᠷᠠᠨᠳᠠᠯᠠᠢ | | ᠨᠢᠬᠡ | ᠵᠢᠷᠭᠤᠭᠠᠨ ᠨᠠᠰᠤᠳᠠᠢ ᠨᠢᠰᠤᠩᠬᠠᠢ ᠵᠢᠭᠠᠯ ᠪᠠᠶᠢᠬᠤ ᠶᠢᠨ ᠨᠢᠬᠡ ᠥᠳᠡᠰᠢ ᠠᠪᠤ ᠮᠠᠯ ᠢᠶᠠᠨ ᠬᠤᠳᠠᠯᠠᠭᠠᠳ ᠡᠬᠡᠴᠢ | ᠪᠢᠳᠠ ᠬᠤᠶᠠᠭᠤᠯᠠ ᠶᠢ ᠲᠠᠭᠠᠭᠤᠯᠵᠤ ᠴᠠᠭᠠᠨᠳᠤᠯᠤᠭᠠᠢ ᠤᠯᠤᠰ ᠤᠨ ᠤᠢ ᠶᠢᠨ ᠲᠠᠯᠠᠪᠠᠢ ᠳᠤ ᠬᠦᠷᠴᠤ ᠺᠢᠨᠤ᠋ ᠥᠵᠡᠪᠡ᠃ | ︽ᠪᠤᠬ᠎ᠠ ᠲᠡᠷᠬᠡᠨ ᠵᠢᠯᠥᠭᠤᠴᠢ ᠶᠢᠨ ᠬᠥᠥ︾᠂ ︽ᠨᠥᠬᠡᠨ ᠵᠠᠮ ᠤᠨ ᠪᠠᠶᠢᠯᠳᠤᠭᠠᠨ︾ ᠬᠡᠬᠦ ᠬᠤᠶᠠᠷ ᠺᠢᠨᠤ᠋ | ᠥᠵᠡᠬᠡᠳ ᠬᠠᠷᠢᠬᠤ ᠪᠤᠯᠬᠤ ᠳᠤ ᠪᠢᠳᠠ ᠬᠤᠶᠠᠷ ᠨᠤᠶᠢᠷ ᠲᠤ ᠪᠠᠨ ᠲᠡᠶᠢᠯᠳᠠᠵᠤ ᠠᠯᠬᠤᠬᠤ ᠲᠡᠩᠬᠡᠬᠡ ᠥᠬᠡᠢ | ᠪᠤᠯᠤᠬᠰᠠᠨ ᠲᠤᠯᠠ ᠠᠪᠤ ᠡᠬᠡᠯᠵᠢᠶᠠ ᠪᠠᠷ ᠡᠬᠦᠷᠴᠤ ᠶᠠᠪᠤᠵᠠᠢ᠃ ᠡᠬᠡᠴᠢ ᠶᠢ ᠡᠬᠦᠷᠬᠦ ᠨᠢ ᠢᠯᠡᠬᠦᠦ ᠲᠠᠢ ᠮᠡᠳᠡᠭᠳᠡᠬᠦ ᠪᠠᠷ | ᠪᠢ ᠠᠭᠤᠷᠤᠨ ᠳᠤ ᠪᠠᠨ ᠬᠠᠷᠠᠩᠭᠤᠢ ᠪᠠᠷ ᠡᠮᠤᠨ᠎ᠠ ᠨᠢ ᠬᠥᠶᠤᠨ ᠬᠠᠷᠢᠵᠤ ᠲᠠᠬᠦᠥ ᠶᠢ ᠤᠨᠳᠠᠭᠤᠯᠤᠭᠠᠳ ᠭᠤᠳᠤᠯ | ᠤᠶᠤᠵᠤ ᠰᠠᠭᠤᠬᠰᠠᠨ ᠡᠵᠢ ᠳᠤ ᠪᠠᠨ ᠵᠠᠭᠠᠯᠳᠤᠵᠤ᠄ ︽ᠠᠪᠤ ᠨᠠᠳᠠ ᠶᠠᠭ ᠬᠠᠶᠢᠷ᠎ᠠ ᠥᠬᠡᠢ᠂ ᠮᠠᠭᠤ ᠠᠪᠤ︾ ᠬᠡᠵᠤ | ᠤᠬᠢᠯᠡᠨ ᠬᠠᠶᠢᠯᠵᠤ ᠪᠢᠯᠡ᠃ ᠠᠪᠤ ᠬᠠᠷᠢᠵᠤ ᠢᠷᠡᠬᠡᠳ᠄ ︽ᠡᠷ᠎ᠡ ᠬᠦᠮᠦᠨ ᠪᠠᠶᠢᠵᠤ ᠨᠢᠰᠤ ᠨᠢᠯᠪᠤᠰᠤ ᠪᠠᠨ | ᠴᠤᠪᠤᠭᠤᠯᠳᠠᠭ ᠥᠬᠡᠢ ᠶᠤᠮ ᠰᠢᠤ︕ ᠵᠢᠷᠵᠢᠬᠡᠷ ᠬᠠᠳᠠᠩᠬᠠᠢ ᠡᠬᠡᠴᠢ ᠪᠠᠨ ᠬᠦᠴᠦᠷᠦᠬᠡᠳ ᠪᠠᠶᠢᠵᠤ ᠪᠤᠯᠬᠤ ᠦᠬᠡᠢ | ᠰᠢᠦ︾ ᠬᠡᠳ ᠬᠡ ᠬᠡ ᠢᠨᠢᠶᠡᠬᠦ ᠳᠤ ᠶᠠᠷᠤ ᠶᠢᠨ ᠴᠠᠭ ᠡᠬᠡᠴᠢ ᠪᠠᠨ ᠠᠳᠠᠯᠠᠵᠤ ᠡᠷ᠎ᠡ ᠪᠠᠨ ᠵᠢᠭᠠᠳᠠᠭ ᠯᠤᠷᠵᠤᠤ ᠪᠠᠨ | ᠮᠡᠳᠡᠵᠤ ᠪᠠᠶᠢᠪᠠᠴᠤ ᠠᠭᠤᠷ ᠬᠤᠷᠤᠨ ᠤ ᠭᠠᠯ ᠢᠳᠡᠨ ᠲᠡᠬᠡᠷ᠎ᠡ ᠪᠠᠶᠢᠬᠰᠠᠨ ᠪᠤᠯᠬᠤᠷ ᠤᠯᠠᠮ ᠴᠢᠩᠭ᠎ᠠ ᠤᠬᠢᠯᠡᠬᠰᠡᠨ | ᠶᠤᠮ ᠡ᠃ ᠤᠯᠠᠨ ᠬᠡᠤᠬᠡᠳ ᠤᠨ ᠲᠤᠮᠳᠠ ᠤᠨᠴᠠᠭᠠᠢ ᠠᠯᠢᠶ᠎ᠠ ᠲᠤᠶᠢᠳᠬᠡᠷ ᠠᠴᠠ ᠪᠤᠯᠪᠠ ᠤᠤ︖ ᠰᠢᠷᠦᠬᠦᠨ | ᠬᠠᠳᠠᠭᠤ ᠰᠠᠨᠠᠬᠳᠠᠳᠠᠭ ᠠᠪᠤ ᠪᠠᠨ ᠨᠠᠳᠠ ᠬᠠᠶᠢᠷ᠎ᠠ ᠥᠬᠡᠢ ᠶᠤᠮ ᠬᠡᠵᠤ ᠨᠢᠯᠬ᠎ᠠ ᠤᠬᠠᠭᠠᠨ ᠢᠶᠠᠷ ᠤᠶᠢᠯᠭᠠᠵᠤ | ᠡᠬᠢᠯᠡᠭᠰᠡᠨ ᠪᠠᠶᠢᠵᠠᠢ᠃ | ᠨᠢᠬᠡ ᠤᠳᠠᠭ᠎ᠠ ᠮᠠᠯ ᠤᠰᠤᠯᠠᠵᠤ ᠲᠤᠮᠤ ᠬᠢᠳᠡᠯ ᠬᠢᠴᠢᠬᠡᠭᠰᠡᠨ ᠬᠡᠷ ᠲᠤ ᠤᠷᠤᠭᠠᠳ ᠬᠥᠷᠥᠬᠡᠭᠰᠡᠨ ᠴᠠᠢ ᠪᠠᠨ | ᠤᠤᠭᠤᠬᠤ ᠬᠡᠬᠦ ᠳᠤ ᠬᠠᠵᠠᠭᠤ ᠳᠤ ᠮᠢᠨᠢ ᠨᠠᠭᠠᠳᠤᠵᠤ ᠪᠠᠶᠢᠬᠰᠠᠨ ᠲᠠᠬᠦᠥ ᠮᠢᠨᠢ ᠮᠢᠨᠥ ᠤᠷᠢᠳᠡᠢ ᠴᠠᠩᠭᠠᠭ᠎ᠠ ᠪᠠᠨ | ᠲᠠᠷᠤᠴᠢᠬᠠᠬᠰᠠᠨ ᠪᠠᠶᠢᠵᠠᠢ᠃ ᠶᠡᠬᠡᠮᠡᠳ ᠤᠨ ᠲᠡᠷᠬᠡᠳᠡ ᠠᠮᠠᠷᠬᠠᠨ ᠪᠠᠭᠤᠵᠤ ᠦᠭᠳᠡᠭ ᠦᠬᠡᠢ ᠲᠡᠬᠦᠦ ᠳᠤ ᠪᠠᠨ ᠠᠭᠤᠷ | ᠤᠮᠤᠭ ᠭᠠᠷᠭᠠᠵᠤ ᠴᠠᠢ ᠶᠢᠨ ᠰᠢᠭᠠᠷᠤ ᠶᠢ ᠲᠡᠬᠦᠥ ᠤᠷᠤᠭᠤ ᠰᠠᠴᠤᠵᠤ᠂ ᠬᠡᠷᠡᠯᠳᠤᠵᠤ ᠡᠬᠢᠯᠡᠪᠡᠯ ᠴᠠᠭ᠎ᠠ ᠴᠢᠨᠠᠵᠤ | ᠪᠠᠶᠢᠬᠰᠠᠨ ᠡᠵᠢ ᠲᠤᠮᠳᠠ ᠨᠢ ᠬᠡᠷᠡᠭ ᠰᠢᠬᠦᠵᠤ ᠡᠬᠢᠯᠡᠪᠡ᠃ ᠬᠡᠨ ᠤ ᠬᠥᠷᠥᠬᠡᠭᠰᠡᠨ ᠴᠠᠢ ᠪᠤᠯᠬᠤ ᠳᠤ ᠬᠠᠵᠠᠭᠤ ᠶᠢᠨ | ᠬᠡᠷᠡᠴᠢ ᠥᠬᠡᠢ ᠲᠤᠯᠠ ᠲᠡᠬᠦᠥ ᠳᠡᠭᠡᠨ ᠬᠤᠳᠠᠯ ᠠᠶᠢᠯᠠᠳᠳᠠᠭ ᠵᠠᠩ ᠰᠤᠷᠭᠠᠬᠤ ᠦᠬᠡᠢ ᠬᠡᠵᠤ ᠭᠠᠯ ᠤᠨ ᠰᠢᠨᠠᠭ᠎ᠠ ᠢ | ᠰᠢᠬᠦᠷᠡᠵᠤ ᠤᠷᠤᠬᠰᠢ ᠱᠤᠩᠭᠤᠴᠢᠪᠠᠯ ᠠᠳᠣᠭᠤᠨ ᠳᠤ ᠶᠠᠪᠤᠬᠰᠠᠨ ᠠᠪᠤ ᠬᠡᠳᠤᠢ ᠳᠤ ᠨᠢ ᠢᠷᠡᠭᠰᠡᠨ ᠢ ᠮᠡᠳᠡᠭᠰᠡᠨ | ᠥᠬᠡᠢ᠄ ︽ᠮᠠᠭᠤ ᠲᠤᠷᠠᠰᠬ᠎ᠠ︕ ᠤᠳᠤ ᠬᠠᠷᠢᠨ ᠡᠵᠢ ᠳᠡᠭᠡᠨ ᠰᠢᠨᠠᠭ᠎ᠠ ᠲᠠᠯᠠᠶᠢᠬᠤ ᠴᠢᠳᠠᠯᠰᠤᠷᠴᠢᠬᠠᠬᠰᠠᠨ ᠤᠤ︖︾ | ᠬᠡᠵᠤ ᠭᠠᠭᠴᠠᠬᠠᠨ ᠵᠠᠩᠳᠤᠷᠤᠯ᠎ᠠ᠃ ᠬᠡᠯᠢᠰᠳᠡᠵᠤ ᠭᠤᠮᠤᠳᠠᠬᠰᠠᠨ ᠪᠢ ᠣᠷᠣᠢ ᠲᠠᠯᠠᠩ ᠤᠨ ᠴᠠᠭᠠᠭᠤᠷ ᠱᠤᠬᠰᠢᠷᠠᠵᠤ | ᠤᠬᠢᠯᠠᠵᠤ ᠪᠠᠶᠢᠬᠰᠠᠭᠠᠷ ᠶᠠᠭᠤ ᠪᠤᠳᠤᠬᠰᠠᠨ ᠢ ᠮᠡᠳᠡᠬᠦ ᠥᠬᠡᠢ ᠭᠤᠷᠪᠠᠨ ᠠᠶᠢᠯ ᠲᠠᠮᠵᠢᠨ ᠰᠤᠷᠠᠬᠯᠠᠵᠤ᠂ ᠵᠢᠯᠡᠢᠬᠡᠳ | ᠬᠡᠳᠤ ᠬᠤᠨᠤᠬᠰᠠᠨ ᠲᠠᠪᠤᠨ ᠢᠮᠠᠭ᠎ᠠ ᠪᠠᠨ ᠤᠯᠵᠤ ᠢᠷᠡᠬᠦ ᠳᠤ ᠬᠠᠷᠤᠢ ᠪᠥᠷᠤᠢ ᠪᠤᠯᠵᠠᠢ᠃ ︽ᠡᠨᠡ ᠮᠠᠭᠤ ᠪᠠᠨᠳᠢ | ᠶᠡᠷᠤᠨᠢ ᠬᠡᠨᠡᠨ ᠬᠡᠷᠡᠭ ᠬᠢᠴᠢᠬᠡᠬᠦ ᠦᠬᠡᠢ ᠪᠢᠵᠡ︕︾ ᠬᠡᠵᠤ ᠠᠪᠤ ᠮᠢᠨᠢ ᠪᠥᠷᠤᠢ ᠪᠤᠯᠳᠠᠯ᠎ᠠ ᠪᠠᠶᠢᠨ ᠲᠠᠬᠢᠨ ᠤᠷᠤᠢ | ᠲᠤᠯᠤᠭᠠᠢ ᠲᠠᠭᠠᠵᠤ ᠪᠠᠷ᠎ᠠ ᠬᠠᠷᠠᠵᠤ ᠬᠥᠯᠢᠶᠡᠭᠰᠡᠨ ᠢ ᠡᠵᠢ ᠠᠴᠠ ᠰᠤᠨᠤᠰᠤᠭᠠᠳ ᠪᠠᠷᠢᠨ ᠢᠳᠡᠬᠡᠭᠰᠡᠨ ᠦᠬᠡᠢ | ᠥᠩᠬᠡᠷᠡᠵᠡᠢ᠃ | ᠠᠪᠤ ᠡᠵᠢ ᠬᠤᠶᠠᠭᠤᠯᠠ ᠪᠢᠳᠡ ᠬᠡᠳᠤᠬᠦᠯᠡ ᠳᠤ ᠬᠤᠨᠢ ᠢᠮᠠᠭ᠎ᠠ᠂ ᠦᠬᠡᠷ ᠮᠤᠷᠢ ᠬᠡᠵᠤ ᠭᠠᠭᠴᠠ ᠬᠤᠶᠠᠷ ᠢᠶᠠᠷ | ᠪᠦᠷ ᠲᠦᠯ ᠪᠠᠶᠢᠬᠤ ᠠᠴᠠ ᠨᠢ ᠨᠡᠷ᠎ᠡ ᠵᠢᠭᠠᠭᠠᠨᠠ᠃ ᠬᠤᠶᠠᠷ ᠠᠬ᠎ᠠ ᠪᠦᠰᠡᠬᠦᠢ ᠪᠠᠭᠤᠯᠭᠠᠬᠤ ᠳᠤ ᠨᠠᠷᠠ ᠵᠢᠭᠠᠬᠰᠠᠨ | ᠪᠤᠭ ᠮᠠᠯ ᠨᠢ ᠵᠤᠵᠠᠭᠠᠷᠠᠵᠤ ᠰᠦᠷᠦᠭ ᠰᠠᠯᠭᠠᠵᠤ ᠠᠶᠢᠯ ᠪᠦᠯᠢ ᠪᠤᠯᠵᠠᠢ᠃ ᠠᠳᠠᠯᠢ ᠦᠬᠡᠢ ᠨᠢ ᠬᠡᠪᠡᠯ ᠠᠬ᠎ᠠ ᠡᠬᠡᠴᠢ | ᠶᠢᠨ ᠪᠤᠳᠠ ᠮᠠᠯ ᠨᠢ ᠬᠠᠷᠢᠨ ᠬᠡᠨ ᠤ ᠬᠢᠨ ᠴᠤ ᠲᠠᠮᠠᠢ ᠦᠰᠦᠭᠰᠡᠨ ᠦᠬᠡᠢ᠃ ᠨᠠᠳᠠ ᠵᠢᠭᠠᠬᠰᠠᠨ ᠭᠠᠭᠴᠠ ᠦᠬᠢᠨ | ᠲᠤᠭᠤᠯ ᠨᠢ ᠦᠰᠦᠬᠡᠳ ᠠᠷᠪᠠᠭᠠᠳ ᠠᠯᠠᠭ ᠲᠠᠷᠯᠠᠨ ᠥᠬᠡᠷ ᠪᠤᠯᠵᠠᠢ᠃ ᠪᠢ ᠲᠤᠮᠳᠠ ᠲᠤᠰᠬᠠᠢ ᠮᠡᠷᠬᠡᠵᠢᠯ ᠤᠨ | ᠰᠤᠷᠭᠠᠭᠤᠯᠢ ᠳᠤ ᠰᠢᠯᠭᠠᠬᠳᠠᠵᠤ ᠤᠷᠤᠬᠰᠠᠨ ᠵᠢᠯ ᠬᠡᠳᠤᠨ ᠦᠬᠡᠷ ᠮᠢᠨᠢ ᠬᠡᠨᠡᠳᠳᠡ ᠪᠠᠷ᠎ᠠ ᠲᠠᠰᠤᠷᠠᠵᠠᠢ᠃ ᠠᠪᠤ | ᠪᠤᠰᠤᠤᠨ ᠤᠨ ᠨᠡᠷ᠎ᠡ ᠵᠢᠭᠠᠬᠰᠠᠨ ᠢ ᠪᠦᠷ ᠠᠮᠠᠯᠳᠤᠬᠰᠠᠨ ᠶᠤᠰᠤᠭᠠᠷ ᠡᠵᠡᠨ ᠳᠤ ᠨᠢ ᠲᠤᠰᠢᠶᠠᠵᠤ ᠪᠠᠶᠢᠭᠠᠳ | ᠭᠠᠭᠴᠠᠬᠠᠨ ᠮᠦᠬᠡᠷᠡᠳᠡᠭ ᠲᠤᠭᠤᠯ ᠴᠤ ᠦᠯᠡᠳᠡᠬᠡᠭᠰᠡᠨ ᠦᠬᠡᠢ᠂ ᠨᠠᠳᠠ ᠶᠢ ᠪᠠᠰᠠ ᠭᠠᠳᠠᠭᠤᠷᠴᠢᠯᠠᠯᠠ ᠬᠡᠵᠤ ᠠᠪᠤ ᠳᠤ | ᠪᠦᠬᠡᠮ ᠰᠠᠨᠠᠯ ᠪᠤᠯᠪᠠ᠃ ᠠᠬ᠎ᠠ ᠡᠬᠡᠴᠢ ᠲᠦᠷᠪᠡᠬᠦᠯᠡ ᠲᠠᠷᠠᠭᠠᠯᠠᠨ ᠬᠤᠷᠢᠮ ᠬᠢᠵᠤ ᠪᠦᠯᠢ ᠤᠯᠠᠨᠳᠠᠢ ᠠᠶᠢᠯ ᠳᠤ ᠠᠵᠤ | ᠠᠬᠤᠢ ᠶᠢᠨ ᠬᠦᠨᠳᠤ ᠲᠠᠷᠤᠭᠠᠰᠤ ᠤᠴᠠᠷᠠᠵᠤ ᠬᠡᠳᠤᠨ ᠦᠬᠡᠷ ᠤᠨ ᠠᠴᠢ ᠪᠠᠷ ᠮᠡᠷᠬᠡᠵᠢᠯ ᠤᠨ ᠰᠤᠷᠭᠠᠭᠤᠯᠢ ᠳᠤ ᠨᠡᠷ᠎ᠡ | ᠮᠡᠳᠡᠬᠦᠯᠵᠤ ᠴᠢᠳᠠᠬᠰᠠᠨ ᠢ ᠨᠠᠰᠤ ᠪᠠᠭ᠎ᠠ ᠴᠢᠰᠤ ᠰᠢᠩᠬᠡᠨ ᠪᠢ ᠶᠠᠭᠠᠬᠢᠨ ᠤᠬᠠᠬᠤ ᠪᠢᠯᠡ᠃ | ᠬᠡᠷ ᠢᠶᠠᠷ ᠢᠶᠠᠨ ᠨᠠᠳᠠ ᠶᠢ ᠴᠤᠬᠤᠮ ᠬᠡᠷᠡᠭ ᠤᠨ ᠡᠴᠢᠬᠡ ᠬᠡᠳᠡᠭ ᠶᠤᠮ᠃ ᠪᠠᠶᠢᠬᠰᠠᠨ ᠪᠦᠬᠦᠨ ᠢ ᠤᠳᠤᠵᠤ | ᠠᠭᠤᠳᠠᠯᠠᠨ᠂ ᠪᠦᠬᠦ ᠠᠪᠳᠠᠷ᠎ᠠ ᠱᠦᠬᠦᠢ ᠶᠢ ᠡᠷᠬᠢᠬᠦᠯᠳᠡᠵᠤ᠂ ᠶᠡᠬᠡᠮᠡᠳ ᠬᠤᠷᠢᠶᠠᠬᠰᠠᠨ ᠶᠠᠭᠤᠮ᠎ᠠ ᠪᠠᠨ ᠤᠯᠬᠤ ᠦᠬᠡᠢ | ᠪᠤᠯ ᠪᠦᠬᠦᠨ ᠢᠶᠠᠷ ᠢᠶᠠᠨ ᠮᠢᠨᠦ ᠬᠢᠭᠰᠡᠨ ᠦᠷ᠎ᠡ ᠪᠦᠳᠦᠬᠡᠯ ᠪᠤᠯᠬᠤ ᠨᠢ ᠠᠰᠠᠭᠤᠯᠳᠠ ᠦᠬᠡᠢ ᠲᠤᠳᠤᠷᠬᠠᠢ ᠬᠡᠨ᠎ᠡ᠃ | ᠰᠠᠶᠢᠨ ᠨᠡᠷ᠎ᠡ ᠤᠯᠬᠤ ᠬᠡᠵᠤ ᠴᠢᠷᠮᠡᠶᠢᠬᠰᠡᠨ ᠴᠤ ᠲᠦᠷᠰᠦ ᠦᠬᠡᠢ ᠬᠡᠤᠬᠡᠳ ᠲᠤ ᠬᠡᠵᠢᠶᠡᠳᠡ ᠦᠬᠡᠳᠡ ᠦᠬᠡᠢ ᠤᠴᠢᠷ | ᠲᠤᠬᠢᠶᠠᠯᠳᠤᠳᠠᠭ ᠪᠤᠯᠤᠯᠳᠠᠢ᠃ ᠬᠠᠶᠠ ᠡᠵᠢ ᠳᠤ ᠬᠠᠪᠰᠤᠷᠤᠨ ᠴᠠᠢ ᠤᠰᠤ ᠤᠶᠢᠷᠳᠤᠭᠤᠯᠳᠠᠭ ᠴᠤ ᠠᠪᠳᠠᠷ᠎ᠠ | ᠲᠠᠪᠢᠯᠭ᠎ᠠ ᠨᠢ ᠦᠨᠳᠤᠷ ᠪᠠᠶᠢᠵᠤ᠂ ᠤᠨᠠᠵᠤ ᠪᠦᠳᠤᠷᠡᠨ ᠦᠪᠡᠷ ᠢ ᠪᠠᠨ ᠪᠤᠴᠠᠯᠤᠬᠰᠠᠨ ᠴᠠᠢ ᠤᠰᠤ ᠪᠠᠷ ᠲᠦᠯᠡᠵᠤ | ᠤᠰᠤᠨ ᠤ ᠰᠠᠪᠠ ᠶᠢ ᠬᠠᠭᠠᠯᠵᠤ ᠤᠷᠬᠢᠳᠠᠭ᠃ ᠪᠦᠳᠦᠨ ᠨᠢᠭᠤᠷ ᠰᠢᠳᠤᠨ ᠤ ᠦ ᠲᠦᠷᠬᠢᠵᠤ ᠪᠠᠷᠤᠭᠠᠷ ᠴᠢᠷᠡᠢ ᠲᠠᠢ | ᠠᠪᠤ ᠢᠷᠡᠬᠦ ᠳᠤ ᠰᠢᠷᠦᠬᠦᠨ ᠵᠠᠩᠳᠤᠷᠠᠬᠤ ᠡᠰᠡᠬᠦᠯ᠎ᠠ ᠨᠠᠷᠢᠨ ᠰᠢᠷᠭ᠎ᠠ ᠡᠬᠦᠷᠬᠦ ᠴᠤ ᠪᠤᠯᠪᠠ ᠤᠤ︖ ᠬᠡᠵᠤ ᠠᠶᠤᠵᠤ | ᠲᠠᠬᠵᠢᠨ ᠰᠠᠭᠤᠬᠤ ᠳᠤ ᠡᠵᠢ ᠲᠡᠭᠳᠡᠬᠡᠬᠡᠢ ᠪᠠᠨ ᠬᠠᠷᠠᠮᠨᠠᠬᠰᠠᠨ ᠰᠢᠪᠠᠭᠤ ᠰᠢᠭ᠋ ᠡᠮᠤᠨ᠎ᠡ ᠠᠴᠠ ᠨᠢ ᠠᠵᠢᠯ ᠬᠢᠳᠡᠯ ᠳᠤ | ᠬᠠᠪᠰᠤᠷᠠᠬᠰᠠᠨ ᠭᠠᠪᠢᠶ᠎ᠠ ᠶᠢ ᠢᠯᠡᠬᠦᠦ ᠲᠠᠢ ᠲᠤᠷᠠᠳᠴᠤ ᠬᠠᠳᠠᠭᠤ ᠵᠢᠮᠡᠯᠡᠬᠦ ᠠᠶᠤᠯ ᠠᠴᠠ ᠠᠪᠤᠷᠠᠵᠤ ᠭᠠᠷᠭᠠᠳᠠᠭ | ᠪᠠᠶᠢᠵᠠᠢ᠃ ᠬᠡᠬᠦ ᠳᠤ ᠪᠢ ᠪᠤᠯ ᠲᠤᠳᠤᠷ᠎ᠠ ᠪᠠᠨ ᠬᠤᠷᠤᠰᠤᠯ ᠡᠪᠤᠷᠯᠠᠵᠤ ᠪᠠᠶᠢᠳᠠᠭ᠃ ᠬᠠᠯᠠᠭᠤᠨ ᠤᠰᠤᠨ ᠰᠠᠪᠠ | ᠬᠠᠭᠠᠷᠠᠪᠠᠯ ᠬᠤᠳᠠᠯᠳᠤᠨ ᠠᠪᠴᠤ ᠪᠤᠯᠤᠨ᠎ᠠ᠂ ᠬᠦᠦ ᠶᠢᠨ ᠴᠢᠨᠢ ᠲᠤᠯᠤᠭᠠᠢ ᠨᠢᠭᠤᠷ ᠰᠢᠷᠬ᠎ᠠ ᠰᠤᠷᠪᠢ ᠰᠠᠭᠤᠵᠤ | ᠬᠡᠮᠳᠤᠪᠠᠯ ᠶᠠᠭᠠᠬᠢᠬᠤ ᠶᠤᠮ ᠪᠤᠢ︖ ᠠᠪᠤ ᠨᠠᠳᠠ ᠬᠠᠶᠢᠷ᠎ᠠ ᠦᠬᠡᠢ ᠶᠤᠮ ᠴᠢᠨᠢ ᠡᠨᠡ ᠶᠤᠰᠤ ᠶᠢ ᠤᠶᠢᠯᠭᠠᠬᠤ ᠦᠬᠡᠢ | ᠬᠡᠵᠤ ᠪᠤᠳᠤᠨ᠎ᠠ︕ ᠦᠨᠡᠨ ᠳᠤ ᠪᠠᠨ ᠠᠪᠤ ᠶᠢᠨ ᠴᠢᠩᠭ᠎ᠠ ᠰᠢᠷᠤᠬᠦᠨ ᠬᠠᠷᠠᠴᠠ᠂ ᠭᠠᠭᠴᠠ ᠴᠢᠩᠭ᠎ᠠ ᠵᠢᠮᠡᠯᠡᠬᠦ | ᠪᠤᠯᠭᠠᠨ ᠳᠤ ᠪᠢᠳᠡ ᠪᠤᠯ ᠶᠠᠭᠤ ᠨᠢᠬᠡᠨ ᠨᠢ ᠪᠤᠷᠤᠭᠤᠳᠠᠭᠠᠳ ᠪᠠᠶᠢᠭ᠎ᠠ ᠪᠠᠨ ᠮᠡᠳᠡᠷᠡᠬᠡᠳ ᠢᠷᠡᠨ᠎ᠡ᠃ ᠬᠠᠷᠢᠨ ᠪᠢᠳᠡ | ᠬᠡᠳᠤᠬᠦᠯᠡ ᠶᠢ ᠪᠤᠯ ᠲᠡᠯᠡᠳᠴᠤ ᠨᠢᠰᠠᠯᠠᠬᠤ ᠶᠢ ᠴᠤ ᠮᠡᠳᠡᠬᠦ ᠦᠬᠡᠢ ᠪᠠᠶᠢᠵᠠᠢ᠃ ᠨᠠᠳᠠ ᠶᠢ ᠭᠤᠯᠤᠳᠠᠭ ᠠᠪᠤ ᠬᠡᠵᠤ | ᠪᠤᠷᠤᠭᠤ ᠰᠠᠨᠠᠳᠠᠭ ᠴᠤ ᠪᠢᠳᠡᠬᠦᠦ ᠳᠤ ᠪᠠᠨ ᠠᠪᠤ ᠶᠢᠨ ᠰᠦᠷ ᠬᠡᠵᠤ ᠦᠯᠢᠬᠡᠷ ᠤᠨ ᠵᠠᠩᠵᠤᠨ ᠪᠠᠭᠠᠳᠤᠷ ᠬᠡᠵᠤ | ᠮᠡᠳᠡᠷᠡᠵᠤ ᠡᠬᠢᠯᠡᠵᠤ ᠰᠠᠨ︕ | ᠠᠪᠤ ᠨᠠᠳᠠ ᠬᠠᠶᠢᠷ᠎ᠠ ᠥᠬᠡᠢ ᠶᠤᠮ ᠬᠡᠳ ᠪᠢ ᠨᠤᠮ ᠰᠤᠷᠴᠤ ᠬᠤᠯᠠ ᠶᠠᠪᠤᠨ᠎ᠠ ᠬᠡᠵᠤ ᠬᠠᠷ᠎ᠠ ᠪᠠᠭ᠎ᠠ ᠠᠴᠠ | ᠵᠤᠷᠢᠭ ᠰᠢᠭᠤᠳᠤᠬᠰᠠᠨ ᠨᠢᠬᠡᠨ ᠪᠢᠯᠡ᠃ 15 ᠨᠠᠰᠤᠳᠠᠢ ᠲᠤᠮᠳᠠ ᠵᠡᠷᠭᠡ ᠶᠢᠨ ᠲᠤᠰᠬᠠᠢ ᠮᠡᠷᠬᠡᠵᠢᠯ ᠤᠨ ᠰᠤᠷᠭᠠᠭᠤᠯᠢ | ᠳᠤ ᠡᠯᠰᠡᠭᠳᠡᠵᠤ᠂ ᠠᠪᠤ ᠨᠠᠳᠠ ᠶᠢ ᠰᠤᠷᠭᠠᠭᠤᠯᠢ ᠳᠤ ᠬᠦᠷᠬᠡᠵᠡᠢ᠃ ᠡᠵᠢ ᠬᠦᠷᠬᠡᠬᠦ ᠶᠢ ᠬᠦᠰᠡᠵᠤ ᠪᠠᠶᠢᠬᠰᠠᠨ ᠴᠤ | ᠡᠵᠢ ᠮᠢᠨᠢ ᠪᠠᠯᠠᠷ ᠤᠨ ᠬᠤᠳᠤᠭᠤᠷ ᠠᠴᠠ ᠪᠠᠨ ᠵᠠᠶᠢᠳᠠᠵᠤ ᠦᠵᠡᠭᠡ ᠥᠬᠡᠢ ᠬᠦᠮᠦᠨ᠃ ᠠᠪᠤ ᠪᠤᠯ ᠬᠤᠯᠠ ᠶᠠᠪᠤᠵᠤ | ᠨᠢᠳᠤ ᠲᠠᠶᠢᠯᠤᠬᠰᠠᠨ ᠨᠢᠬᠡᠨ᠃ ᠬᠡᠳᠤᠶᠢᠪᠠᠷ ᠲᠠᠪᠤᠨ ᠵᠠᠭᠤᠨ ᠺᠢᠯᠤᠮᠧᠲ᠋ᠧᠷ ᠤᠨ ᠬᠤᠯᠠ ᠴᠤ ᠲᠤᠬᠠᠢ ᠶᠢᠨ ᠦᠶ᠎ᠡ ᠵᠠᠮ | ᠨᠡᠪᠳᠡᠷᠯᠡᠭᠡ ᠬᠤᠴᠤᠷᠠᠩᠭᠤᠢ ᠪᠤᠯᠬᠤᠷ ᠬᠤᠶᠠᠷ ᠡᠳᠤᠷ ᠬᠠᠭᠠᠰ ᠡᠬᠡᠯᠵᠢ ᠶᠢᠨ ᠮᠠᠰᠢᠨ ᠳᠤ ᠰᠠᠭᠤᠵᠤ ᠨᠠᠷᠠ | ᠮᠡᠳᠡᠬᠦᠯᠥᠬᠡᠳ᠂ ᠡᠷᠬᠢᠵᠤ ᠠᠪᠤ ᠪᠠᠨ ᠮᠠᠰᠢᠨ ᠲᠡᠷᠬᠡᠨ ᠤ ᠥᠷᠳᠡᠬᠡᠨ ᠳᠤ ᠬᠥᠷᠬᠡᠪᠡ᠃ ᠰᠠᠯᠬᠤ ᠶᠢᠨ ᠦᠶᠡᠨᠠᠳᠠ ᠳᠤ | ᠬᠥᠮᠥᠨ ᠤ ᠭᠠᠵᠠᠷ ᠶᠠᠭᠤ ᠬᠢᠴᠢᠶᠡᠬᠦ ᠬᠡᠬᠦ ᠮᠡᠳᠤ ᠤᠯᠠᠨ ᠶᠠᠭᠤᠮ᠎ᠠ ᠶᠠᠷᠢᠬᠰᠠᠨ᠃ ᠬᠠᠶᠢᠷ᠎ᠠ ᠦᠬᠡᠢ ᠪᠠᠶᠢᠭᠠᠳ | ᠶᠠᠭᠤᠨᠢ ᠬᠠᠭᠤᠷᠮᠠᠬᠯᠠᠬᠤ ᠶᠤᠮ ᠪᠤᠢ ᠬᠡᠵᠤ ᠬᠦᠰᠢᠬᠦᠨ ᠪᠤᠳᠤᠯ ᠡᠪᠤᠷᠯᠠᠵᠤ ᠲᠤᠷᠰᠢᠵᠤ ᠦᠵᠡᠬᠦ ᠰᠠᠨᠠᠭ᠎ᠠ ᠲᠠᠢ | ᠪᠤᠴᠠᠬᠤ ᠳᠤ ᠪᠠᠨ ᠭᠠᠭᠴᠠ ᠵᠡᠬᠡᠯᠢ ᠤᠷᠢᠶᠠᠨ ᠬᠦᠶᠦᠵᠤ ᠲᠠᠯᠳᠠ ᠠᠴᠠ ᠦᠷᠳᠡᠬᠡᠨ ᠤ ᠲᠡᠷᠬᠡ ᠬᠦᠯᠢᠶᠡᠬᠦ ᠲᠢᠩᠬᠢᠮ | ᠢ ᠴᠠᠬᠳᠠᠪᠠᠯ ᠠᠪᠤ ᠬᠡᠨᠡᠭ ᠦᠬᠡᠶᠢᠬᠡᠨ ᠲᠠᠮᠡᠬᠢ ᠲᠠᠳᠠᠵᠤ ᠰᠠᠭᠤᠬᠤ ᠶᠤᠮ ᠪᠢᠯᠡ᠃ ᠦᠪᠡᠷ ᠤᠨ ᠨᠤᠳᠠᠯᠤᠯᠳᠠ ᠪᠠᠨ | ᠪᠠᠳᠤᠯᠠᠭᠠᠳ ᠰᠠᠨᠠᠭ᠎ᠠ ᠶᠡᠭᠡ ᠠᠮᠤᠷᠴᠤ ᠰᠤᠷᠭᠠᠭᠤᠯᠢ ᠶᠢᠨ ᠵᠦᠭ ᠬᠠᠷᠡᠶᠢᠯᠭᠠᠬᠰᠠᠨ ᠶᠤᠮ ᠡ᠃ ᠬᠠᠷᠢᠨ ᠠᠵᠢᠯ ᠳᠤ | ᠤᠷᠤᠬᠰᠠᠨ ᠬᠤᠶᠢᠨ᠎ᠠ ᠲᠡᠷᠡ ᠤᠳᠠᠭᠠᠨ ᠤ ᠨᠢᠭᠤᠴᠡ ᠲᠤᠬᠯᠠᠭᠠᠮ ᠳᠤ ᠪᠢ ᠱᠦᠬᠦᠭᠳᠡᠭᠰᠡᠨ ᠢᠶᠠᠨ ᠮᠡᠳᠡᠵᠡᠢ᠃ ᠮᠢᠨᠦ | ᠵᠢᠭᠠᠬᠠᠨ ᠮᠡᠭᠡ ᠬᠦᠷᠦᠬᠡᠰᠤ ᠪᠠᠨ ᠤᠷᠬᠠᠯᠠᠬᠤ ᠪᠠᠷ ᠴᠠᠬᠳᠠᠨ ᠬᠦᠯᠢᠶᠡᠭᠰᠡᠨ ᠠᠩᠴᠢᠨ ᠮᠡᠳᠤ ᠠᠪᠤ ᠶᠢᠨ ᠬᠢᠷᠠᠬᠠᠢ | ᠨᠢᠳᠤᠨ ᠠᠴᠠ ᠬᠤᠷᠤᠮ ᠴᠤ ᠪᠤᠯᠳᠠᠵᠤ ᠴᠢᠳᠠᠬᠰᠠᠨ ᠦᠬᠡᠢ ᠪᠠᠶᠢᠵᠠᠢ᠃ | — — ᠡᠨᠡ ᠬᠥᠥ ᠴᠤ ᠵᠤᠷᠢᠭ ᠲᠠᠢ ᠶᠤᠮ ᠡ᠃ ᠬᠠᠷᠢᠨ ᠨᠠᠳᠠ ᠶᠢ ᠶᠠᠭᠠᠬᠢᠴᠢᠬᠠᠬᠤ ᠪᠤᠯᠪᠠ ᠤᠤ ᠬᠡᠵᠤ | ᠰᠢᠯᠭᠠᠵᠤ ᠪᠠᠶᠢᠳᠠᠭ ᠨᠢᠬᠡᠨ ᠰᠢᠤ᠃ ᠥᠬᠡ ᠰᠢᠯᠥᠭ ᠴᠤ ᠨᠠᠪᠳᠠᠷᠠᠯᠴᠡᠬᠦ ᠥᠬᠡᠢ ᠬᠠᠷᠢ ᠬᠤᠯᠠ ᠶᠢᠨ ᠬᠢᠳᠡᠳᠭᠠᠵᠠᠷ | ᠨᠢᠯᠬ᠎ᠠ ᠪᠠᠭ᠎ᠠ ᠶᠠᠭᠤᠮ᠎ᠠ ᠶᠢ ᠬᠠᠶᠠᠴᠢᠬᠠᠭᠠᠳ ᠬᠡᠵᠤ ᠪᠤᠳᠤᠬᠤ ᠳᠤ ᠨᠢᠳᠤ ᠵᠠᠶᠢᠷᠠᠳᠤᠭᠠᠳ ᠨᠢᠯᠪᠤᠰᠤ ᠪᠠᠨ ᠵᠠᠯᠬᠢᠨ | ᠨᠤᠳᠤᠭ ᠪᠤᠴᠠᠬᠰᠠᠨ ᠶᠤᠮ ᠡ ᠬᠡᠵᠤ ᠠᠶᠢᠯ ᠤᠨ ᠠᠪᠠᠭ᠎ᠠ ᠳᠤ ᠶᠠᠷᠢᠬᠤ ᠶᠢ ᠰᠤᠨᠤᠰᠤᠬᠰᠠᠨ ᠪᠢᠯᠡ᠃ ᠬᠠᠶᠠ | ᠰᠤᠬᠳᠤᠪᠠᠯ ᠤᠶᠠᠷᠠᠵᠤ ᠰᠠᠭᠤᠳᠠᠭ ᠪᠤᠯᠪᠠᠴᠤ ᠨᠢᠯᠪᠤᠰᠤ ᠦᠬᠡᠢ ᠪᠠᠷᠠᠭᠠᠨ ᠬᠠᠳᠠᠭᠤ ᠬᠠᠳᠠ ᠴᠢᠯᠠᠭᠤ ᠮᠡᠳᠤ ᠠᠪᠤ ᠶᠢᠨ | ᠡᠨᠡ ᠦᠬᠡ ᠶᠢ ᠬᠡᠳᠤᠨ ᠵᠢᠯ ᠤᠨ ᠲᠠᠷᠠᠭ᠎ᠠ ᠤᠯᠵᠤ ᠰᠤᠨᠤᠰᠤᠭᠠᠳ ᠬᠠᠮᠠᠷ ᠪᠤᠷᠬᠢᠷᠡᠵᠤ ᠨᠢᠯᠪᠤᠰᠤ ᠬᠠᠰᠢᠯᠭ᠎ᠠ | ᠰᠡᠳᠡᠯᠤᠭᠰᠡᠨ ᠦᠶᠡᠷ ᠰᠢᠭ ᠠᠰᠬᠠᠷᠠᠵᠤ ᠪᠢᠯᠡ᠃ | ᠠᠪᠤ ᠨᠠᠳᠠ ᠬᠠᠶᠢᠷ᠎ᠠ ᠦᠬᠡᠢ ᠬᠡᠵᠤ ᠠᠳᠡᠬᠦᠷᠡᠵᠤ ᠶᠠᠪᠤᠬᠰᠠᠨ ᠪᠠᠭ᠎ᠠ ᠨᠠᠰᠤ ᠮᠢᠨᠢ ᠬᠦᠬᠡᠷᠦᠬᠦᠢ ᠯᠠ ᠪᠠᠶᠢᠵᠠᠢ᠃ | ᠠᠪᠤ ᠪᠤᠯᠭᠠᠨ ᠤ ᠬᠠᠶᠢᠷ᠎ᠠ ᠪᠠᠨ ᠢᠯᠡᠷᠡᠬᠦᠯᠬᠦ ᠠᠷᠭ᠎ᠠ ᠨᠢ ᠠᠳᠠᠯᠢ ᠥᠬᠡᠢ ᠪᠦᠬᠡᠳ ᠬᠡᠤᠬᠡᠳ ᠪᠤᠯᠭᠠᠨ ᠳᠤ ᠪᠠᠰᠠ ᠴᠤ | ᠢᠯᠭᠠᠭ᠎ᠠ ᠲᠠᠢ ᠪᠠᠶᠢᠵᠤ ᠪᠤᠯᠬᠤ ᠶᠢ ᠦᠪᠡᠷ ᠢᠶᠠᠨ ᠦᠬᠢᠨ ᠲᠠᠢ ᠪᠤᠯᠤᠭᠠᠳ ᠯᠡ ᠤᠶᠢᠯᠭᠠᠵᠤ ᠡᠬᠢᠯᠡᠭᠰᠡᠨ ᠶᠤᠮ ᠳ᠋ᠠ᠃ | | | | ᠬᠤᠶᠠᠷ | ᠠᠪᠤ ᠬᠡᠵᠤ ᠨᠤᠳᠤᠭ ᠤᠷᠤᠨ ᠳᠤ ᠪᠠᠨ ᠨᠠᠷᠡᠳᠠᠢ ᠪᠥᠬᠡᠴᠢᠨ᠂ ᠤᠯᠠᠨ ᠤ ᠲᠤᠮᠳᠠ ︽ᠣᠳᠤᠭ ᠤᠨ ᠬᠠᠷ᠎ᠠ︾᠂ | ︽ᠬᠦᠬᠡ ᠮᠡᠯᠡᠬᠡᠢ︾ ᠂ ︽ᠬᠠᠷ᠎ᠠ ᠰᠠᠸᠠᠩ︾ ᠬᠡᠳ ᠯᠠ ᠪᠠᠷᠢᠯᠳᠤᠵᠤ ᠶᠠᠪᠤᠬᠤ ᠳᠤ ᠪᠠᠨᠴᠤᠯᠠ ᠮᠢᠨᠳᠠᠭ | ᠵᠶ᠋ᠡᠨᠤᠶᠢᠷᠡ ᠵᠡᠷᠬᠡᠯᠳᠡᠭᠡ ᠬᠡᠳᠤᠨ ᠬᠤᠰᠢᠭᠤᠨ ᠳᠤ ᠪᠠᠨ ᠠᠯᠳᠠᠷᠰᠢᠭᠤᠯᠵᠤ ᠶᠠᠪᠤᠬᠰᠠᠨ ᠬᠥᠮᠥᠨ ᠶᠤᠮ᠃ ᠵᠢᠷᠠᠨ | ᠬᠡᠳᠤᠨ ᠤᠨ ᠳᠤ ᠬᠤᠷᠢ ᠥᠩᠬᠡᠷᠡᠭᠰᠡᠨ ᠵᠠᠯᠠᠭᠤ᠂ ᠬᠠᠮᠳᠤ ᠶᠢᠨ ᠠᠳᠤᠭᠤᠨ ᠤᠳᠤᠷ ᠢᠶᠠᠷ ᠱᠠᠷᠯᠢᠭ ᠬᠥᠩᠱᠧ ᠶᠢᠨ | ᠥᠯᠵᠡᠶᠢᠴᠠᠶᠢᠳᠠᠮ᠂ ᠰᠢᠷᠳᠡᠭ ᠤᠨ ᠴᠠᠶᠢᠳᠠᠮ ᠳᠤ ᠪᠠᠶᠢᠬᠤ ᠳᠤ ᠪᠠᠨ ᠱᠠᠷᠯᠢᠭ ᠤᠨ ᠨᠠᠭᠠᠳᠤᠮ ᠳᠤ ᠣᠴᠢᠵᠤ ᠪᠥᠬᠡ | ᠶᠢᠨ ᠳ᠋ᠤᠭᠠᠷ ᠲᠤ ᠤᠷᠤᠵᠤ᠂ ᠰᠡᠬᠦᠯᠡᠷ ᠨᠢ ᠰᠤᠪᠤᠷᠭ᠎ᠠ ᠶᠢᠨ ᠰᠥᠮ᠎ᠠ᠂ ᠱᠠᠷᠯᠢᠭ ᠤᠨ ᠰᠥᠮ᠎ᠠ ᠶᠢᠨ ᠴᠠᠮ ᠲᠡᠬᠡᠷ᠎ᠡ | ᠤᠯᠠᠨᠤᠳᠠᠭᠠ ᠬᠥᠷᠴᠤ ᠬᠤᠶᠠᠷ ᠤᠳᠠᠭ᠎ᠠ ᠲᠡᠷᠢᠬᠦᠨ ᠱᠠᠩ ᠠᠪᠴᠤ ᠥᠩᠬᠡᠷᠡᠪᠡ᠃ ᠤᠷᠳᠤᠰ ᠪᠦᠬᠡ ᠶᠢᠨ ᠲᠠᠷᠬᠠᠨ | ᠠ᠊ · ᠷᠢᠨᠴᠢᠨ᠂ ᠪᠤᠬ᠎ᠠ ᠲᠠᠯᠠᠨᠳᠠᠢ ᠪᠤᠯᠤᠨ ᠪᠦᠬᠡᠴᠢᠨ ᠱᠠᠯᠵᠠ ᠲᠢᠨᠽᠢᠨ᠂ ᠥᠷᠯᠥᠬᠦᠳ ᠬᠡᠶᠢᠷᠡᠪ ᠲᠠᠢ ᠰᠠᠶᠢᠨ | ᠨᠥᠬᠦᠷᠯᠡᠵᠤ ᠨᠤᠳᠤᠭ ᠤᠨ ᠨᠠᠭᠠᠳᠤᠮ᠂ ᠤᠪᠤᠭ᠎ᠠ ᠨᠠᠶᠢᠷ ᠢᠶᠠᠷ ᠪᠥᠷ ᠬᠠᠷᠢᠯᠴᠠᠨ ᠤᠨᠠᠭᠠᠵᠤ ᠪᠠᠶᠢᠬᠰᠠᠨ ᠪᠥᠬᠡᠳ | ᠤᠯᠠᠨ ᠤᠳᠠᠭ᠎ᠠ ᠪᠥᠬᠡ ᠶᠢᠨ ᠱᠠᠩ ᠠᠪᠴᠤ ᠪᠠᠶᠢᠬᠰᠠᠨ ᠲᠡᠤᠬᠡ ᠲᠠᠢ᠃ ᠪᠡᠶ᠎ᠡ ᠨᠢ ᠪᠤᠭᠤᠨᠢᠪᠳᠤᠷ ᠴᠤ ᠬᠦᠴᠦ | ᠲᠤᠷᠪᠢᠳᠡᠢ᠂ ᠪᠥᠬᠡ ᠶᠢᠨ ᠮᠡᠭᠡ ᠮᠡᠷᠬᠡᠵᠢᠯ ᠠᠷᠪᠢᠨ ᠪᠠᠶᠢᠳᠠᠭ ᠠᠴᠠ ᠨᠡᠷᠡᠳᠡᠢ ᠪᠥᠬᠡ ᠪᠤᠯᠵᠤ ᠴᠢᠳᠠᠵᠠᠢ᠃ ᠲᠠᠰᠢᠯᠠᠭᠠ᠂ | ᠲᠤᠬᠳᠤᠷᠤᠯᠭᠠ᠂ ᠮᠤᠰᠬᠢᠯᠠᠭᠠ᠂ ᠡᠬᠦᠷᠤᠬᠡ ᠵᠡᠷᠬᠡ ᠮᠡᠭᠡ ᠮᠡᠷᠬᠡᠵᠢᠯ ᠢ ᠮᠠᠰᠢ ᠡᠪᠳᠡᠢ ᠤᠯᠠᠷᠢᠭᠤᠯᠤᠨ ᠬᠡᠷᠡᠭᠯᠡᠵᠤ ᠨᠡᠩ | ᠴᠤ ᠤᠬᠰᠠᠷᠠᠭ᠎ᠠ ᠲᠤᠬᠳᠤᠷᠤᠯᠭᠠ ᠶᠢ ᠵᠠᠯᠭᠠᠭ᠎ᠠ ᠪᠠᠷ ᠬᠢᠳᠡᠭ ᠪᠠᠶᠢᠵᠤ᠂ ᠬᠠᠷ᠎ᠠ ᠰᠠᠸᠠᠩ ᠤᠨ ᠠᠷᠪᠠᠨ ᠨᠢᠬᠡᠨ | ᠲᠤᠬᠳᠤᠷᠤᠯᠭᠠ ᠬᠡᠵᠤ ᠬᠡᠯᠡᠯᠴᠡᠳᠡᠭ ᠪᠠᠶᠢᠵᠠᠢ᠃ | ᠲᠠᠯᠠᠨ ᠲᠤᠯᠤᠭᠠᠨ ᠤᠨ ᠳᠤ ᠨᠠᠩᠰᠤ ᠶᠢᠨ ᠨᠠᠭᠠᠳᠤᠮ ᠳᠤ ᠦᠪᠡᠷ ᠠᠴᠠ ᠨᠢ ᠨᠠᠢᠮᠠᠨ ᠨᠠᠰᠤ ᠲᠠᠬᠦᠦ ᠬᠤᠷᠢᠨ | ᠲᠤᠯᠤᠭᠠᠳᠠᠢ ᠪᠤᠬ᠎ᠠ ᠲᠠᠯᠠᠨᠳᠠᠢ ᠠᠪᠠᠭ᠎ᠠ ᠳᠤ ᠤᠨᠠᠵᠤ ᠬᠤᠶᠠᠳᠤᠭᠠᠷ ᠠᠪᠤᠭᠠᠳ ᠢᠳᠡᠷ ᠨᠠᠰᠤ ᠪᠤᠯᠤᠬᠰᠠᠨ ᠤ ᠬᠠᠷᠠᠭ᠎ᠠ | ᠪᠠᠷ ᠲᠠᠬᠢᠵᠤ ᠪᠠᠷᠢᠯᠳᠤᠬᠰᠠᠨ ᠥᠬᠡᠢ᠃ | ᠠᠪᠤ ᠶᠢᠨ ᠶᠠᠷᠢᠶ᠎ᠠ ᠪᠠ ᠪᠦᠬᠡᠴᠢᠨ ᠠᠪᠠᠭ᠎ᠠ ᠨᠠᠷ ᠤᠨ ᠪᠦᠬᠡ ᠶᠢᠨ ᠲᠤᠬᠠᠢ ᠲᠤᠮᠤᠭ ᠰᠢᠭ᠋ ᠬᠠᠭᠤᠴᠢ ᠲᠤᠷᠠᠰᠤᠯ | ᠢ ᠤᠯᠠᠨ ᠰᠤᠨᠤᠰᠤᠬᠰᠠᠨ ᠪᠤᠯᠪᠠᠴᠤ ᠲᠠᠩᠴᠤ ᠠᠩᠬᠠᠷᠤᠯ ᠳᠤ ᠪᠠᠨ ᠠᠪᠤᠬᠰᠠᠨ ᠦᠬᠡᠢ ᠶᠠᠪᠤᠬᠰᠠᠨ ᠠᠴᠠ ᠬᠤᠰᠢᠭᠤ | ᠨᠤᠳᠤᠭ ᠤᠨ ᠪᠦᠬᠡ ᠶᠢᠨ ᠨᠡᠶᠢᠬᠡᠮᠯᠢᠭ ᠠᠴᠠ ᠤᠯᠠᠨ ᠤᠳᠠᠭ᠎ᠠ ᠥᠯᠢᠬᠡᠷ ᠲᠡᠤᠬᠡ ᠶᠢ ᠨᠢ ᠡᠮᠬᠢᠳᠬᠡᠬᠦ ᠬᠡᠵᠤ ᠢᠷᠡᠭᠰᠡᠨ | ᠴᠤ ᠪᠤᠭᠤᠷᠤᠯᠴᠤᠤᠨ ᠮᠢᠨᠢ ᠪᠦᠷ ᠯᠠ ᠬᠠᠳᠠᠨ ᠬᠡᠷ ᠲᠤ ᠪᠠᠨ ᠪᠤᠴᠠᠵᠤ᠂ ᠪᠦᠳᠦᠯ ᠦᠬᠡᠢ ᠬᠦᠦ ᠨᠢ ᠲᠤᠬᠳᠠᠭᠠᠬᠰᠠᠨ | ᠶᠠᠭᠤᠮ᠎ᠠ ᠦᠬᠡᠢ ᠬᠤᠴᠤᠷᠤᠭᠠᠳ ᠬᠠᠷᠠᠮᠰᠠᠯ ᠠᠴᠠ ᠦᠬᠡᠷ᠎ᠡ ᠥᠯᠡᠳᠡᠭᠰᠡᠨ ᠵᠤᠶᠢᠯ ᠦᠬᠡᠢ ᠪᠤᠯᠬᠤ ᠶᠢ ᠶᠠᠭᠠᠬᠢᠨ᠎ᠠ | ᠪᠢᠯᠡ᠃ | | | ᠭᠤᠷᠪᠠ | ᠠᠪᠤ ᠮᠥᠨ ᠴᠤ ᠨᠢᠬᠡᠨ ᠬᠠᠰᠢᠷ ᠠᠳᠤᠭᠤᠴᠢᠨ ᠪᠠᠶᠢᠵᠠᠢ᠃ ᠵᠠᠯᠠᠭᠤ ᠨᠠᠰᠤᠨ ᠳᠤ ᠪᠠᠨ ᠪᠠᠷᠢᠭᠠᠳᠠ ᠶᠢᠨ | ᠲᠤᠰᠬᠠᠢ ᠠᠳᠣᠭᠤᠴᠢᠨ ᠪᠤᠯᠵᠤ ᠦᠳᠡᠯᠳᠠᠯ᠎ᠠ ᠠᠳᠤᠭᠤᠨ ᠠᠴᠠ ᠰᠠᠯᠤᠬᠰᠠᠨ ᠥᠬᠡᠢ᠃ | ᠢᠳᠡ ᠵᠠᠯᠠᠭᠤ ᠶᠢᠨ ᠥᠶ᠎ᠡ ᠬᠥᠳᠡᠯᠮᠤᠷᠢ ᠪᠠᠷ ᠮᠠᠯᠠᠳ ᠬᠥᠩᠱᠧ ᠳᠤ ᠪᠠᠭᠤᠬᠤ ᠳᠤ ᠮᠠᠯᠠᠳ ᠤᠨ ᠨᠢᠬᠡ | ᠡᠪᠤᠬᠡᠨ ᠠᠳᠤᠭᠤᠴᠢᠨᠲ᠋ᠥ᠋ᠷᠥᠬᠦᠥ ᠵᠢᠯ ᠨᠢ ᠰᠤᠷᠭᠠᠵᠤ ᠠᠮᠵᠢᠬᠰᠠᠨ ᠥᠬᠡᠢ ᠵᠢᠷᠠᠨ ᠥᠨᠵᠢᠮᠡᠯ ᠲᠠᠭ᠎ᠠ ᠳᠤ ᠨᠢ ᠤᠨᠤᠵᠤ | ᠡᠳ᠋ᠯᠡᠬᠦ ᠵᠠᠯᠠᠭᠤᠴᠤᠤᠨ ᠪᠠᠶᠢᠬᠤ ᠥᠬᠡᠢ ᠭᠠᠴᠢᠬᠳᠠᠵᠤ ᠪᠠᠶᠢᠬᠤ ᠲᠠᠢ ᠲᠠᠭᠠᠷᠠᠵᠤ᠂ ᠠᠪᠤ ᠬᠠᠭᠠᠰ ᠰᠠᠷ᠎ᠠ ᠪᠤᠯᠤᠬᠰᠠᠨ | ᠥᠬᠡᠢ ᠵᠡᠷᠯᠢᠭᠰᠢᠭᠰᠡᠨ ᠵᠢᠷᠠᠨ ᠲᠠᠭ᠎ᠠ ᠶᠢ ᠨᠢ ᠨᠤᠮᠤᠬᠠᠷᠠᠭᠤᠯᠤᠭᠠᠳ ᠭᠠᠷᠬᠤ ᠳᠤ ᠡᠪᠤᠬᠡᠨ ᠠᠳᠣᠭᠤᠴᠢᠨ ᠭᠠᠶᠢᠬᠠᠨ | ᠱᠠᠬᠰᠢᠷᠠᠵᠤ ᠪᠠᠶᠢᠬᠰᠠᠨ ᠬᠡᠳᠡᠭ᠃ | ᠠᠪᠤ ᠮᠤᠷᠢᠨ ᠳᠤ ᠤᠨᠴᠠᠭᠠᠢ ᠬᠤᠷᠤᠬᠠᠢ ᠲᠠᠢ᠃ ᠡᠳᠤᠷ ᠤᠨ ᠨᠠᠷᠠ ᠶᠢ ᠮᠤᠷᠢᠨ ᠨᠢᠷᠤᠭᠤᠨ ᠲᠡᠬᠡᠷ᠎ᠡ᠂ ᠤᠶᠠᠭ᠎ᠠ | ᠱᠤᠩ ᠲᠡᠬᠡᠷ᠎ᠡ ᠠᠪᠴᠢᠬᠠᠨ᠎ᠠ᠃ ᠵᠢᠷᠤᠭ᠎ᠠ ᠮᠤᠷᠢ᠂ ᠬᠦᠶᠤᠯᠬᠡᠨ ᠮᠤᠷᠢ ᠬᠡᠳ ᠤᠶᠠᠵᠤ ᠶᠠᠩᠵᠤᠯᠠᠨᠠ᠃ ᠠᠷᠠᠰᠤ ᠰᠢᠷᠢ᠂ | ᠴᠢᠳᠤᠷ ᠲᠤᠱᠠᠭ᠎ᠠ᠂ ᠡᠮᠡᠬᠡᠯ ᠬᠠᠵᠠᠭᠠᠷ ᠬᠡᠳ ᠡᠳᠤᠷᠵᠢᠨ ᠠᠳᠤᠭᠤᠨ ᠤ ᠡᠳᠡᠯᠡᠯ ᠬᠡᠷᠡᠭᠰᠡᠯ ᠲᠠᠢ ᠨᠤᠴᠤᠯᠳᠤᠵᠤ ᠴᠠᠭ | ᠢ ᠪᠠᠷᠠᠭᠠᠨ᠎ᠠ᠃ ᠬᠤᠶᠠᠷ ᠠᠬ᠎ᠠ ᠪᠤᠯᠤᠨ ᠲᠠᠬᠦᠥ ᠠᠳᠤᠭᠤ ᠮᠠᠯ ᠤᠨ ᠠᠷᠠᠴᠢᠯᠠᠭ᠎ᠠ ᠲᠤᠳᠤᠮᠳᠤᠯᠭ᠎ᠠ ᠳᠤ ᠬᠠᠪᠰᠤᠷᠤᠬᠴᠢ | ᠪᠤᠯᠵᠤ ᠪᠢ ᠪᠤᠯ ᠡᠵᠢ ᠪᠤᠯᠤᠨ ᠬᠤᠶᠠᠷ ᠡᠬᠡᠴᠢ ᠲᠠᠢ ᠤᠨᠠᠭ᠎ᠠ ᠲᠤᠭᠤᠯ᠂ ᠪᠠᠭ᠎ᠠ ᠮᠠᠯ ᠲᠠᠢ ᠪᠤᠭᠤᠷᠤᠯᠳᠤᠵᠤ᠂ ᠬᠠᠮᠤᠭ | ᠨᠤᠮᠤᠬᠠᠨ ᠮᠤᠷᠢ ᠤᠨᠤᠬᠤ ᠬᠤᠪᠢ ᠲᠠᠢ ᠯᠠ ᠴᠢᠳᠠᠯ ᠦᠬᠡᠢ ᠬᠦᠮᠦᠨ᠃ ᠬᠤᠶᠠᠷ ᠠᠬ᠎ᠠ ᠪᠤᠯᠤᠨ ᠲᠠᠬᠦᠦ ᠶᠢᠨ | ᠮᠤᠷᠢᠨ ᠮᠡᠷᠬᠡᠵᠢᠯ ᠦᠨᠳᠤᠷ᠃ ᠲᠠᠬᠦᠦ ᠪᠤᠯ ᠨᠡᠩ ᠴᠤ ᠬᠡᠯᠡᠬᠦ ᠭᠠᠵᠠᠷ ᠦᠬᠡᠢ᠂ ᠶᠤᠰᠤᠳᠠᠢ ᠯᠠ ᠠᠪᠤ ᠶᠢᠨ ᠭᠠᠷ | ᠱᠠᠪᠢ ᠬᠡᠵᠤ ᠮᠡᠳᠡ᠃ ᠶᠡᠭᠡ ᠬᠦᠮᠦᠰ ᠤᠨ ᠨᠢᠳᠤᠨ ᠲᠠᠯᠳᠠ ᠴᠠᠶᠢᠳᠠᠮ ᠵᠠᠳᠠᠭᠠᠢ ᠳᠤ ᠴᠤᠬᠯᠠᠷᠠᠬᠰᠠᠨ ᠡᠯᠵᠢᠬᠡ | ᠯᠠᠭᠤᠰᠠ ᠶᠢ ᠬᠤᠭᠤᠰᠤᠨ ᠭᠠᠷ ᠢᠶᠠᠷ ᠠᠯᠢ ᠡᠮᠨᠢᠭ ᠢ ᠨᠢ ᠠᠷᠭᠠᠯᠠᠵᠤ ᠮᠤᠨᠳᠠᠭ᠎ᠠ ᠲᠠᠯ ᠠᠴᠠ ᠨᠢ ᠵᠠᠭᠤᠷᠠᠵᠤ | ᠮᠤᠷᠳᠠᠭᠠᠳ ᠪᠡᠯᠴᠢᠬᠡᠷ ᠤᠨ ᠦᠵᠦᠬᠦᠷ ᠲᠤᠪᠳᠤᠯᠭᠠᠵᠤ ᠬᠦᠯᠦᠷᠡᠬᠡᠵᠤ ᠢᠷᠡᠬᠡᠳ ᠬᠠᠶᠠᠴᠢᠬᠠᠳᠠᠭ ᠲᠦᠢᠳᠬᠡᠷ ᠰᠢᠤ᠃ | ᠶᠡᠭᠡ ᠬᠠᠮᠳᠤ ᠲᠠᠷᠬᠠᠵᠤ᠂ ᠮᠠᠯ ᠰᠦᠷᠦᠭ ᠢ ᠡᠷᠤᠬᠡ ᠳᠤ ᠪᠤᠴᠠᠭᠠᠬᠤ ᠳᠤ᠂ ᠮᠠᠨ ᠤ ᠬᠢᠨ ᠠᠳᠤᠭᠤ᠂ ᠦᠬᠡᠷ᠂ | ᠬᠤᠨᠢ ᠢᠮᠠᠭᠠᠲ᠋ᠠᠢ ᠨᠢᠬᠡ ᠯᠡ ᠲᠡᠬᠡᠷ᠎ᠡ ᠴᠦᠬᠡᠪᠳᠤᠷ ᠪᠤᠯᠪᠠᠴᠤᠰᠦ᠋ᠷᠦᠭ ᠪᠦᠷᠢᠳᠦᠭᠰᠡᠨᠠᠶᠢᠯ ᠪᠤᠯᠵᠠᠢ᠃ ᠪᠢ ᠪᠤᠯ | ᠠᠳᠤᠭᠤ ᠬᠥᠬᠡᠬᠡᠵᠤ᠂ ᠥᠬᠡᠷ ᠬᠠᠰᠢᠶᠠᠯᠠᠬᠤ ᠳᠤ ᠠᠶᠤᠮᠳᠠᠭᠠᠢ ᠬᠡᠭᠴᠢ ᠨᠢ ᠬᠡᠴᠡᠬᠦᠦ᠃ ᠬᠡᠬᠦᠦ ᠦᠨᠢᠶ᠎ᠡ ᠪᠠᠷᠢᠵᠤ | ᠲᠠᠭ᠎ᠠ ᠲᠤᠭᠤᠯ ᠨᠤᠮᠤᠬᠠᠷᠠᠭᠤᠯᠬᠤ᠂ ᠲᠡᠯᠡᠯᠯᠡᠬᠦ᠂ ᠡᠮᠨᠡᠬᠦ ᠳᠤ ᠲᠡᠩᠳᠡ ᠬᠤᠷᠢᠵᠤ ᠬᠠᠰᠢᠶᠠᠯᠠᠬᠤ ᠬᠡᠷᠡᠭᠳᠡᠢ᠃ ᠡᠮᠨᠢᠭ | ᠮᠠᠯ ᠣᠩᠬᠤᠯᠳᠠᠵᠤ ᠲᠤᠪᠳᠤᠯᠵᠤ ᠲᠤᠳᠠᠭᠠᠬᠤ ᠳᠤ ᠠᠪᠤ ᠨᠠᠳᠠ ᠪᠤᠯ ᠥᠬᠡ ᠲᠤᠤᠭᠠᠷᠬᠤ ᠪᠢᠰᠢ᠂ ᠠᠬ᠎ᠠ ᠨᠠᠷ ᠪᠤᠯᠤᠨ | ᠲᠠᠬᠦᠥ ᠬᠢᠴᠢᠶᠡᠮᠵᠢ ᠠᠯᠳᠠᠵᠤ ᠲᠤᠳᠠᠭᠠᠯᠭᠠᠵᠤ ᠭᠠᠷᠬᠤ ᠳᠤ ᠵᠠᠩᠨᠠᠵᠤ ᠵᠢᠮᠡᠯᠡᠬᠦ ᠦᠬᠡᠢ ᠤᠳᠠᠭ᠎ᠠ ᠴᠦᠬᠡᠨ᠃ ᠲᠡᠬᠡᠯᠬᠦᠢ | ᠶᠠᠭᠠᠬᠢᠬᠤᠪ᠂ ᠡᠷᠢᠯ ᠳᠤ ᠶᠠᠪᠤᠭᠠᠳ ᠬᠠᠭᠠᠰ ᠡᠳᠤᠷ᠂ ᠲᠤᠳᠠᠭᠠᠵᠤ ᠰᠢᠯᠢ ᠲᠠᠪᠠᠭᠠᠳ ᠲᠡᠬᠢᠵᠤ ᠬᠤᠮᠢᠵᠤ ᠢᠷᠡᠬᠦ ᠳᠤ | ᠪᠠᠰᠠᠯᠠ ᠬᠠᠭᠠᠰ ᠡᠳᠤᠷ ᠤᠨ ᠴᠠᠭ ᠤᠷᠤᠨ᠎ᠠ᠃ ︽ᠰᠠᠶᠢᠨ ᠮᠠᠯᠴᠢᠨ ᠪᠤᠯᠬᠤ ᠠᠮᠠᠷᠬᠠᠨ ᠪᠢᠰᠢ ᠰᠢᠤ︕︾ ᠬᠡᠵᠤ ᠠᠪᠤ | ᠪᠢᠳᠠᠨ ᠳᠤ ᠴᠠᠢ ᠤᠭᠤᠴᠢᠵᠤ ᠬᠦᠯᠦᠰᠤ ᠪᠠᠨ ᠠᠷᠴᠢᠬᠤ ᠶᠢᠨ ᠵᠠᠭᠤᠷ᠎ᠠ ᠠᠳᠤᠭᠤᠨ ᠤ ᠵᠤᠭᠤᠭ ᠢᠶᠠᠨ ᠲᠡᠯᠬᠡᠳᠡᠭ᠃ | ᠠᠪᠤ ᠶᠢ ᠲᠠᠭᠠᠵᠤ ᠨᠢᠬᠡ ᠤᠳᠠᠭ᠎ᠠ ᠰᠠᠭᠠᠬᠠᠯᠳᠠ ᠤᠨ ᠨᠠᠶᠢᠷ ᠲᠤ ᠣᠴᠢᠵᠠᠢ᠃ ᠪᠤᠴᠠᠬᠤ ᠳᠤ ᠠᠪᠤ ᠰᠤᠬᠳᠤᠵᠤ | ᠵᠢᠷᠤᠭ᠎ᠠ ᠬᠠᠯᠳᠠᠷ ᠮᠤᠷᠢ ᠭᠠᠯᠵᠠᠭᠤ ᠨᠢ ᠬᠦᠳᠡᠯᠵᠤ᠂ ᠵᠡᠬᠦᠨ ᠪᠠᠷᠠᠭᠤᠨ ᠤᠷᠤᠢ ᠲᠠᠯᠠᠩ ᠦᠬᠡᠢ ᠭᠠᠯᠵᠠᠭᠤᠷᠠᠵᠤ | ᠲᠤᠪᠳᠤᠯᠤᠭᠠᠳ ᠬᠡᠷ ᠤᠨ ᠵᠦᠭ ᠠᠬᠢᠵᠤ ᠦᠭᠬᠦ ᠦᠬᠡᠢ᠃ ᠠᠷᠭ᠎ᠠ ᠴᠦᠬᠦᠷᠦᠭᠰᠡᠨ ᠪᠢ ᠵᠤᠷᠢᠭ ᠪᠦᠳᠦᠬᠦᠷᠡᠵᠤ᠂ | ᠠᠷᠢᠬᠢᠨ ᠦᠨᠦᠷ ᠦᠬᠡᠢ ᠨᠠᠳᠠ ᠪᠤᠯ ᠠᠶᠠᠳᠠᠢ ᠪᠠᠶᠢᠵᠤ ᠮᠡᠳᠡᠨ᠎ᠡ ᠬᠡᠳ ᠨᠤᠮᠤᠬᠠᠨ ᠮᠤᠷᠢ ᠪᠠᠨ ᠠᠪᠤ ᠳᠤ ᠬᠠᠶᠠᠵᠤ | ᠭᠠᠯᠵᠠᠭᠤ ᠬᠠᠯᠳᠠᠷ ᠲᠡᠬᠡᠷ᠎ᠡ ᠮᠤᠷᠳᠠᠵᠠᠢ᠃ ᠬᠠᠷᠢᠨ ᠪᠤᠷᠳᠤᠭᠠᠨ ᠳᠤ ᠬᠦᠯᠦᠯᠵᠡᠭᠰᠡᠨ ᠵᠢᠷᠤᠭ᠎ᠠ ᠬᠠᠯᠳᠠᠷ ᠤᠨ ᠠᠮᠠ ᠢ | ᠲᠠᠳᠠᠵᠤ ᠲᠡᠶᠢᠯᠬᠦ ᠦᠬᠡᠢ ᠵᠠᠮ ᠲᠤᠵᠢᠨ ᠲᠤᠪᠳᠤᠯᠵᠤ ᠬᠡᠷ ᠤᠨ ᠪᠠᠷ᠎ᠠ ᠬᠠᠷᠠᠬᠤ ᠳᠤ ᠨᠠᠳᠡ ᠶᠢ ᠲᠠᠨᠢᠬᠰᠠᠨ ᠡᠵᠢ | ᠤᠤᠯᠭ᠎ᠠ ᠠᠯᠳᠠᠨ ᠣᠨᠠᠨ ᠲᠣᠰᠤᠨ ᠤᠬᠳᠤᠵᠤ ᠠᠳᠠᠯᠢᠬᠠᠨ ᠨᠢᠳᠤ ᠨᠢ ᠪᠦᠯᠳᠦᠯᠵᠡᠨ ᠬᠦᠯᠦᠰᠤ ᠤᠰᠤᠨ ᠳᠤ | ᠠᠪᠳᠠᠬᠰᠠᠨ ᠮᠤᠷᠢ ᠬᠦᠮᠦᠨ ᠲᠠᠢ ᠨᠢ ᠤᠶ᠋ᠭᠠᠨ ᠲᠡᠬᠡᠷ᠎ᠡ ᠲᠤᠬᠳᠠᠭᠠᠵᠤ ᠠᠪᠴᠠᠢ᠃ ᠤᠬᠢᠯᠠᠨ ᠬᠠᠶᠢᠯᠠᠨ ᠵᠠᠩᠨᠠᠬᠰᠠᠨ | ᠡᠵᠢ ᠶᠢᠨ ᠡᠮᠤᠨ᠎ᠡ ᠠᠴᠠ ᠠᠪᠤ ᠶᠠᠭᠤ ᠴᠤ ᠲᠤᠤᠭᠠᠷᠤᠬᠰᠠᠨ ᠥᠬᠡᠢ ᠤᠨᠳᠠᠴᠢᠬᠠᠪᠠ᠃ ᠮᠠᠷᠭᠠᠰᠢ ᠨᠢ ᠠᠪᠤ᠄ | ︽ᠠᠷᠢᠬᠢᠨ ᠬᠠᠯᠠᠭᠤᠨ ᠢᠶᠠᠷ ᠬᠦᠦ ᠪᠠᠨ ᠠᠷᠡᠢ ᠬᠡᠮᠳᠤᠬᠡᠭᠰᠡᠨ ᠥᠬᠡᠢ ᠨᠢ ᠪᠤᠷᠬᠠᠨ ᠤ ᠠᠪᠤᠷᠠᠯ ᠪᠤᠯᠵᠠᠢ᠃ ᠡᠨᠡ | ᠬᠦᠦ ᠴᠤ ᠰᠠᠶᠢᠨ ᠮᠠᠯᠴᠢᠨ ᠪᠤᠯᠬᠤ ᠭᠤᠷᠢ ᠦᠬᠡᠢ ᠶᠤᠮ ᠪᠠᠶᠢᠨ᠎ᠠ᠃ ᠶᠠᠭᠠᠬᠢᠯ᠎ᠠ ᠴᠤ ᠬᠡᠰᠡᠨ ᠬᠦᠦ ᠮᠢᠨᠢ ᠪᠠᠰᠠ | ᠡᠷ᠎ᠡ ᠬᠦᠮᠦᠨ ᠤ ᠬᠡᠢ ᠮᠤᠷᠢ ᠲᠠᠢ ᠶᠤᠮ ᠡ︾ ᠬᠡᠵᠤ ᠲᠠᠮᠠᠬᠢ ᠪᠠᠭᠠᠬᠢᠭᠤᠯᠵᠤ ᠶᠠᠷᠢᠬᠤ ᠶᠤᠮ ᠪᠢᠯᠡ᠃ ᠲᠡᠬᠦᠨ ᠠᠴᠠ | ᠬᠤᠶᠢᠰᠢ ᠪᠢ ᠲᠡᠬᠢᠵᠤ ᠡᠮᠨᠢᠭ ᠤᠨ ᠨᠢᠷᠤᠭᠤᠨ ᠳᠤ ᠭᠠᠷᠤᠬᠰᠠᠨ ᠦᠬᠡᠢ᠃ ᠶᠠᠭᠠᠬᠢᠭᠠᠳ ᠠᠪᠤ ᠶᠢᠨ ᠢᠶᠠᠨ ᠵᠤᠷᠢᠭ | ᠰᠦᠰᠦ ᠢ ᠵᠠᠯᠭᠠᠮᠵᠢᠯᠠᠵᠤ ᠴᠢᠳᠠᠬᠰᠠᠨ ᠦᠬᠡᠢ ᠶᠤᠮ ᠬᠡᠵᠤ ᠤᠳᠤ ᠴᠤ ᠭᠠᠶᠢᠬᠠᠨ ᠪᠠᠶ᠎ᠠ ᠪᠠᠨ ᠬᠠᠶᠠ ᠲᠤᠤᠷ᠎ᠠ | ᠦᠵᠡᠳᠡᠭ ᠢᠶᠠᠨ ᠨᠢᠭᠤᠬᠤ ᠦᠬᠡᠢ᠃ | ᠠᠪᠤ ᠨᠠᠳᠠ ᠶᠢ ᠪᠠᠭ᠎ᠠ ᠡᠬᠡᠴᠢ ᠲᠠᠢ ᠵᠢᠯ ᠲᠠᠷᠠᠭ᠎ᠠ ᠪᠠᠷ ᠲᠦᠷᠦᠭᠰᠡᠨ᠂ ᠰᠢᠮ᠎ᠡ ᠲᠡᠵᠢᠬᠡᠯ ᠪᠠᠭᠤᠷᠠᠢ᠂ ᠪᠠᠶ᠎ᠠ | ᠲᠠᠮᠢᠷ ᠰᠤᠯᠠ᠂ ᠡᠪᠡᠳᠴᠢᠨ ᠠᠴᠠ ᠰᠠᠯᠳᠠᠭ ᠦᠬᠡᠢ ᠬᠡᠳ ᠬᠠᠮᠤᠭ ᠤᠨ ᠨᠤᠮᠤᠢ ᠬᠦᠦ ᠪᠠᠨ ᠠᠩᠬᠠᠨ ᠠᠴᠠ | ᠪᠠᠨᠰᠤᠶᠤᠯ ᠤᠨ ᠮᠦᠷ ᠬᠦᠬᠡᠬᠡᠯᠬᠡᠬᠦ ᠵᠠᠮ ᠢ ᠨᠢ ᠵᠠᠰᠠᠴᠢᠬᠠᠬᠰᠠᠨ ᠪᠠᠶᠢᠵᠤ ᠤᠤ ᠳ᠋ᠠ︕ | | | ᠲᠦᠷᠪᠡ | ᠠᠪᠤ ᠮᠢᠨᠢ ᠨᠠᠶᠢᠷᠴᠢᠨ ᠤᠷᠯᠢᠬᠴᠢᠨ ᠬᠦᠮᠦᠨ ᠪᠠᠶᠢᠬᠰᠠᠨ᠃ ᠮᠠᠨ ᠤ ᠬᠢᠨ ᠪᠤᠯ ᠯᠢᠭᠳᠡᠨ ᠬᠠᠭᠠᠨ ᠢᠶᠠᠨ ᠲᠠᠭᠠᠵᠤ | ᠬᠦᠬᠡᠨᠡᠭᠤᠷ ᠤᠷᠤᠭᠠᠳ ᠰᠤᠳᠡᠢ ᠬᠠᠳᠤᠨ᠂ ᠡᠷᠬᠡ ᠬᠤᠩᠭᠤᠷ ᠲᠠᠢ ᠮᠠᠨᠵᠤ ᠶᠢᠨ ᠬᠠᠭᠠᠨ ᠳᠤ ᠪᠠᠭᠤᠵᠤ ᠦᠭᠬᠦ ᠵᠠᠮ | ᠳᠤ ᠲᠠᠯᠠᠳ ᠬᠤᠰᠢᠭᠤᠨ ᠳᠤ ᠦᠯᠡᠳᠡᠭᠰᠡᠨ ᠴᠠᠬᠠᠷ ᠤᠨ ᠬᠤᠶᠢᠴᠢᠰ ᠬᠡᠳᠡᠭ᠃ ᠰᠡᠬᠦᠯᠡᠷ ᠮᠠᠨ ᠤ ᠬᠢ ᠨᠢᠬᠡ ᠪᠦᠯᠦᠭ | ᠨᠢ ᠤᠳᠤᠭ ᠬᠤᠰᠢᠭᠤᠨ ᠤ ᠴᠠᠭᠠᠨᠳᠤᠯᠤᠭᠠᠢ ᠨᠤᠳᠤᠭ ᠲᠤ ᠨᠡᠬᠦᠳᠡᠯᠯᠡᠵᠤ ᠢᠷᠡᠬᠡᠳ ᠰᠠᠭᠤᠷᠢᠰᠢᠵᠠᠢ᠃ ᠬᠠᠭᠠᠨ ᠢ | ᠲᠠᠭᠠᠬᠰᠠᠨ ᠴᠠᠬᠠᠷ ᠤᠳ ᠠᠯᠢᠪᠠ ᠠᠵᠢᠯ ᠳᠤ ᠤᠷᠠᠨ ᠠᠪᠢᠶᠠᠰᠤᠯᠢᠭ ᠪᠠᠶᠢᠳᠠᠭ ᠬᠡᠬᠦ ᠳᠤ ᠮᠠᠨ ᠤ ᠨᠢᠬᠡ ᠠᠶᠢᠯ ᠤᠨ | ᠬᠢᠨ ᠨᠠᠶᠢᠷ ᠬᠦᠭᠵᠢᠮ ᠢᠶᠠᠨ ᠤᠯᠠᠮᠵᠢᠯᠠᠵᠤ ᠢᠷᠡᠭᠰᠡᠨ ᠨᠢ ᠤᠨᠴᠠᠭᠠᠢ ᠪᠠᠶᠢᠷᠢ ᠶᠢᠨ ᠰᠢᠨᠵᠢ ᠲᠠᠢ᠃ ᠲᠡᠬᠡᠷ᠎ᠡ ᠬᠡᠳᠤᠨ | ᠦᠶ᠎ᠡ ᠶᠢᠨ ᠬᠢᠨ ᠬᠦᠭᠵᠢᠮ ᠨᠠᠶᠢᠷ ᠴᠢᠳᠠᠬᠤ ᠦᠬᠡᠢ ᠬᠦᠮᠦᠨ ᠲᠤᠩ ᠬᠤᠪᠤᠷ᠃ ᠲᠠᠯᠠᠳ ᠤᠨ ᠴᠠᠬᠠᠷ ᠬᠡᠭᠰᠡᠬᠡᠷ | ᠰᠠᠶᠢᠬᠢ ᠨᠠᠶᠢᠷᠴᠢ ᠲᠠᠯᠠᠳ ᠤᠳ ᠶᠤᠮ ᠤᠤ ᠬᠡᠳ ᠲᠠᠶᠠᠭᠠᠷ ᠮᠡᠳᠡᠳᠡᠭ᠃ ᠠᠪᠤ ᠤᠯᠠᠨ ᠬᠦᠭᠵᠢᠮ ᠳᠤ ᠨᠡᠪᠳᠡᠷᠡᠭᠰᠡᠨ | ᠪᠦᠬᠡᠳ ᠲᠥᠷᠪᠠᠨ ᠣᠳᠠᠰᠤᠳᠤ ᠬᠤᠭᠤᠷ ᠤᠨᠴᠠᠭᠠᠢ ᠬᠤᠭᠤᠷᠳᠠᠳᠠᠭ ᠨᠠᠷᠠᠳᠠᠢ ᠨᠠᠶᠢᠷᠴᠢᠬᠥ᠋ᠮᠥᠨ᠃ ᠠᠪᠤ ᠶᠢᠨ | ᠬᠤᠭᠤᠷ ᠤᠶᠠᠩᠭ᠎ᠠ ᠰᠠᠶᠢᠬᠠᠨ ᠤᠷᠠᠨ ᠨᠤᠭᠤᠯᠤᠭ᠎ᠠ ᠪᠠᠷ ᠢᠶᠠᠨ ᠤᠷᠤᠶᠢᠯᠠᠵᠤ ᠬᠤᠯᠠ ᠣᠶᠢᠷ᠎ᠠ ᠳᠤ ᠪᠠᠨ ᠠᠯᠳᠠᠷᠰᠢᠵᠠᠢ᠃ | ᠵᠠᠯᠠᠭᠤ ᠶᠢᠨ ᠥᠶ᠎ᠡ ᠬᠤᠰᠢᠭᠤ ᠨᠤᠳᠤᠭ ᠤᠨ ᠵᠤᠬᠢᠶᠠᠨ ᠪᠠᠶᠢᠭᠤᠯᠤᠬᠰᠠᠨᠤᠷᠠᠨ ᠰᠠᠶᠢᠬᠠᠨ ᠤ ᠬᠥᠳᠡᠯᠬᠡᠬᠡᠨ ᠢᠶᠠᠷ | ᠲᠤᠭᠤᠷᠢᠨ ᠲᠤᠬᠯᠠᠯᠳᠠ ᠬᠢᠵᠤ ᠪᠠᠶᠢᠬᠰᠠᠨ ᠪᠦᠬᠡᠳ ᠬᠤᠷᠢᠮ ᠨᠠᠶᠢᠷ ᠪᠠᠶᠢᠪᠠᠯ ᠤᠷᠢᠯᠭ᠎ᠠ ᠵᠠᠯᠠᠯᠭ᠎ᠠ ᠲᠠᠢ ᠤᠴᠢᠵᠤ | ᠨᠠᠶᠢᠷ ᠪᠠᠷᠢᠳᠠᠭ ᠠᠵᠠᠢ᠃ ᠡᠬᠡᠴᠢ ᠲᠡᠬᠦᠦ ᠬᠡᠳᠦᠬᠦᠯᠡ ᠪᠠᠨ ᠬᠤᠭᠤᠷ ᠱᠠᠨᠵᠠ᠂ ᠶᠠᠩᠴᠢᠨ ᠳᠠᠴᠢᠩ ᠬᠡᠳ ᠨᠠᠶᠢᠷ | ᠬᠦᠭᠵᠢᠮ ᠴᠢᠳᠠᠳᠠᠭ ᠨᠢ ᠪᠦᠷ ᠠᠪᠤ ᠶᠢᠨ ᠨᠦᠯᠦᠬᠡ ᠪᠢᠯᠡ᠃ | | | ᠲᠠᠪᠤ | ᠠᠪᠤ ᠮᠢᠨᠢ ᠲᠤᠩ ᠤᠯᠠᠨ ᠨᠡᠷ᠎ᠡ ᠦᠬᠡᠢ ᠲᠤᠰᠢᠶᠠᠯ ᠲᠠᠢ ᠬᠦᠮᠦᠨ ᠶᠤᠮ᠃ ᠵᠢᠷᠠ ᠲᠠᠯᠠᠭᠠᠳ ᠤᠨ ᠬᠡᠵᠤ | ᠲᠦᠷᠦ ᠵᠠᠰᠠᠭ ᠨᠢ ᠤᠷᠤᠭ᠎ᠠ ᠪᠤᠰᠤᠭ᠎ᠠ᠂ ᠬᠦᠮᠦᠨ ᠲᠦᠮᠡᠨ ᠤ ᠠᠳᠠᠯ ᠠᠮᠢᠳᠤᠷᠠᠯ ᠤᠯᠠᠩᠬᠢ ᠨᠢ ᠶᠠᠳᠠᠷ ᠲᠤᠷᠤᠢ | ᠪᠠᠶᠢᠵᠠᠢ᠃ ᠬᠡᠯᠡᠬᠦ ᠳᠤ ᠰᠠᠶᠢᠨ ᠲᠤᠷ᠎ᠠ ᠶᠢᠨ ᠤᠷᠤᠭ ᠬᠡᠬᠦ ᠪᠤᠯᠪᠠᠴᠤ ᠬᠠᠭᠤᠴᠢᠨ ᠤ ᠤᠯᠠᠮᠵᠢᠯᠠᠯ᠂ ᠭᠠᠵᠠᠷ ᠨᠤᠳᠤᠭ | ᠤᠨ ᠵᠠᠩᠰᠢᠯ ᠢᠶᠠᠷ ᠵᠠᠭᠤᠴᠢ ᠦᠬᠡᠢ ᠤᠷᠤᠭ ᠨᠢ ᠴᠦᠬᠡᠨ ᠪᠠᠶᠢᠵᠠᠢ᠃ ᠠᠪᠤ ᠬᠡᠯᠡ ᠠᠮᠠᠨ ᠳᠤ ᠪᠠᠨ ᠬᠤᠷᠴᠠ᠂ | ᠬᠤᠯᠠ ᠤᠶᠢᠷ᠎ᠡ ᠶᠢᠨ ᠵᠠᠩ ᠵᠠᠩᠰᠢᠯ᠂ ᠬᠦᠮᠦᠨ ᠵᠤᠨ ᠢ ᠲᠠᠨᠢᠬᠤ ᠪᠠᠷ ᠰᠠᠶᠢᠨ ᠪᠤᠯᠬᠤᠷ ᠵᠠᠭᠤᠴᠢ ᠶᠢᠨ ᠠᠯᠪᠠ ᠪᠠᠷ | ᠶᠠᠪᠤᠬᠤ ᠨᠢ ᠤᠯᠠᠨ᠂ ᠮᠠᠨ ᠤ ᠡᠷᠬᠢᠨ ᠲᠤᠭᠤᠷᠢᠨ ᠪᠡᠷᠤᠭ ᠯᠠ ᠪᠦᠬᠦᠨ ᠢᠶᠠᠷ ᠢᠶᠠᠨ ᠠᠪᠤ ᠶᠢᠨ ᠲᠠᠨᠢᠯᠴᠠᠭᠤᠯᠭ᠎ᠠ ᠪᠠᠷ | ᠠᠶᠢᠯ ᠬᠡᠷ ᠪᠤᠯᠤᠬᠰᠡᠨ ᠬᠡᠬᠦ ᠳᠤ ᠬᠡᠳᠤᠷᠡᠬᠦ ᠪᠠᠷ ᠦᠬᠡᠢ᠃ ᠲᠡᠬᠡᠬᠡᠳ ᠯᠡ ᠬᠤᠷ ᠶᠢᠨ ᠠᠮᠪᠠᠨ᠂ ᠲᠠᠮᠴᠢ᠂ ᠬᠤᠷᠢᠮ | ᠤᠨ ᠡᠷᠬᠢᠯᠡᠭᠴᠢ ᠬᠡᠳ ᠨᠡᠷ᠎ᠡ ᠦᠬᠡᠢ ᠠᠯᠪᠠ ᠰᠤᠨᠵᠢᠷᠠᠭᠠᠳ ᠢᠷᠡᠨ᠎ᠡ᠃ ᠬᠤᠷᠢᠮ ᠨᠠᠶᠢᠷ ᠳᠤ ᠬᠤᠷᠬᠢᠶᠠᠨ ᠴᠤᠤᠬᠢᠶᠠᠨ | ᠪᠠᠶᠢᠭᠠᠳ ᠪᠠᠶᠢᠳᠠᠭ᠃ ᠬᠡᠳᠤᠷᠡᠪᠡᠯ ᠵᠤᠳᠤᠭᠠᠨ ᠨᠦᠳᠦᠬᠡᠨ ᠪᠤᠯᠴᠢᠬᠠᠬᠤ ᠴᠤ ᠤᠶᠢᠷᠬᠠᠨ᠃ ᠰᠠᠭᠠᠳᠠᠭ ᠤᠨ ᠬᠦᠮᠦᠨ᠂ | ᠲᠡᠮᠴᠢ᠂ ᠡᠷᠬᠢᠯᠡᠭᠴᠢ ᠬᠡᠵᠤ ᠬᠤᠷᠢᠮ ᠨᠠᠶᠢᠷ ᠢ ᠥᠩᠬᠡ ᠲᠠᠢ ᠦᠬᠡᠳᠡ ᠲᠠᠢ ᠠᠪᠴᠤ ᠭᠠᠷᠳᠠᠭ ᠭᠤᠤᠯ ᠬᠦᠮᠦᠰ | ᠮᠦᠨ᠃ ᠠᠪᠤ ᠥᠬᠡ ᠬᠡᠯᠡᠨ ᠤ ᠤᠷᠠᠨ ᠢᠶᠠᠷ ᠶᠤᠰᠤ ᠵᠠᠩᠰᠢᠯ᠂ ᠵᠡᠬᠦᠬᠡ ᠵᠡᠬᠦᠯᠡᠪᠤᠷᠢ ᠶᠢᠨ ᠮᠠᠷᠭᠤᠭᠠᠨ ᠢ ᠨᠠᠮᠳᠠᠭᠠᠵᠤ᠂ | ᠨᠠᠶᠢᠷᠴᠢ ᠶᠢᠨ ᠠᠪᠢᠶᠠᠰ ᠢᠶᠠᠷ ᠨᠠᠶᠢᠷ ᠬᠦᠷ ᠤᠨ ᠨᠠᠮᠪᠠ ᠬᠦᠭ ᠢ ᠵᠤᠬᠢᠴᠠᠭᠤᠯᠵᠤ᠂ ᠪᠦᠬᠡᠴᠢᠨ ᠤ ᠵᠢᠪᠬᠤᠭ᠎ᠠ ᠰᠦᠷ | ᠢᠶᠠᠷ ᠮᠠᠷᠭᠤᠭᠠᠨ ᠵᠢᠭᠤᠷᠭᠠᠨ ᠢ ᠲᠠᠷᠤᠵᠤ ᠴᠢᠳᠠᠳᠠᠭ ᠢᠶᠠᠷ ᠢᠶᠠᠨ ᠨᠤᠳᠤᠭ ᠤᠷᠤᠨ ᠳᠤ ᠪᠠᠨ ᠬᠤᠪᠤᠷᠬᠠᠨ ᠤᠯᠳᠠᠬᠤ | ᠴᠢᠳᠠᠪᠤᠷᠢᠳᠠᠨ ᠪᠠᠶᠢᠬᠰᠠᠨ ᠠᠵᠠᠢ᠃ ᠡᠵᠢ ᠶᠢᠨ ᠬᠡᠯᠡᠬᠦ ᠪᠠᠷ ᠭᠠᠭᠴᠠ ᠰᠠᠭᠠᠳᠠᠭ ᠤᠨ ᠡᠷᠭᠢᠯᠡᠭᠴᠢ ᠪᠠᠷ ᠵᠢᠷᠠᠨ ᠭᠤᠷᠪᠠ | ᠤᠳᠠᠭ᠎ᠠ ᠶᠠᠪᠤᠬᠰᠠᠨ ᠭᠡᠳᠡᠭ᠃ | ᠲᠠᠷᠡ ᠦᠶ᠎ᠡ ᠶᠢᠨ ᠠᠮᠢᠳᠤᠷᠠᠯ ᠬᠡᠵᠤ ᠨᠠᠶᠢᠳᠡᠮ ᠳᠤ ᠪᠠᠨ ᠬᠠᠳᠠᠭᠤ ᠪᠤᠷᠤᠬᠵᠢᠭᠤᠨ ᠪᠠᠶᠢᠵᠠᠢ᠃ ᠨᠢᠬᠡ ᠠᠶᠢᠯ | ᠤᠨ ᠬᠢᠨ ᠪᠡᠷᠢ ᠰᠤᠷᠠᠬᠤ ᠳᠤ ᠬᠡᠤᠬᠡᠨ ᠲᠠᠯ᠎ᠠ ᠶᠢᠨ ᠬᠢᠨ ᠬᠤᠷᠠᠭᠠᠨ ᠠᠷᠠᠰᠤᠨ ᠲᠡᠪᠡᠯ ᠠᠮᠠᠯᠠᠵᠤ ᠪᠠᠶᠢᠬᠤ ᠦᠬᠡᠢ ᠪᠤᠯ | ᠤᠷᠤᠭ ᠪᠤᠴᠠᠬᠤ ᠬᠡᠰᠡᠨ ᠬᠡᠨ᠎ᠡ᠃ ᠲᠤᠬᠠᠢ ᠶᠢᠨ ᠴᠠᠭ ᠬᠤᠷᠠᠭᠠᠨ ᠠᠷᠠᠰᠤᠨ ᠲᠠᠪᠠᠯ ᠨᠢ ᠤᠳᠤᠬᠢ ᠭᠤᠶᠤ ᠬᠢᠴᠡ | ᠲᠠᠢ ᠬᠡᠬᠡᠨᠴᠢᠷ ᠲᠡᠷᠬᠡ᠂ ᠰᠠᠷᠠᠭᠤᠯ ᠠᠭᠤᠵᠢᠮ ᠤᠷᠤᠨ ᠰᠠᠭᠤᠴᠠ ᠠᠴᠠ ᠴᠤ ᠠᠮᠠᠷᠬᠠᠨᠤᠯᠳᠠᠳᠠᠭ ᠦᠬᠡᠢ ᠬᠤᠪᠤᠷ | ᠴᠤᠬᠠᠭ ᠶᠠᠭᠤᠮ᠎ᠠ ᠪᠠᠶᠢᠵᠤ ᠠᠷᠭ᠎ᠠ ᠮᠤᠬᠤᠷᠳᠠᠬᠰᠠᠨ ᠠᠶᠢᠯ ᠤᠨ ᠬᠢᠨ ᠠᠪᠤ ᠶᠢ ᠰᠠᠭᠠᠳᠠᠭ ᠤᠨ ᠡᠷᠬᠢᠯᠡᠭᠴᠢ ᠪᠠᠷ | ᠤᠷᠢᠬᠰᠡᠨ ᠪᠠᠶᠢᠨ᠎ᠠ᠃ ᠬᠡᠤᠬᠡᠨ ᠲᠠᠯ᠎ᠠ ᠳᠤ ᠤᠴᠢᠭᠠᠳ ᠲᠡᠬᠡᠵᠢ ᠪᠡᠯᠡᠭ ᠵᠡᠬᠦᠬᠡ ᠵᠡᠬᠦᠯᠡᠪᠤᠷᠢ ᠦᠭᠬᠦ ᠳᠤ ᠬᠤᠨᠢᠨ | ᠠᠷᠠᠰᠤᠨ ᠲᠠᠪᠠᠯ ᠭᠠᠷᠴᠤ ᠢᠷᠡᠬᠦ ᠳᠤ ᠬᠤᠳᠠ ᠶᠢᠨ ᠲᠠᠯ᠎ᠠ ᠶᠢᠨ ᠬᠢᠨ ᠬᠡᠯᠡᠭᠰᠡᠨ ᠢᠶᠠᠨ ᠮᠡᠯᠵᠢᠯᠡ᠂ ᠬᠡᠤᠬᠡᠨ ᠢᠶᠠᠨ | ᠡᠶᠢᠮᠦ ᠠᠶᠢᠯ ᠳᠤ ᠦᠭᠬᠦ ᠦᠬᠡᠢ ᠬᠡᠵᠤ ᠪᠦᠬᠡᠮ ᠮᠠᠷᠭᠤᠭᠠᠨ ᠪᠤᠯᠤᠬᠰᠡᠨ ᠶᠤᠮ ᠪᠠᠶᠢᠨ᠎ᠠ᠃ ᠠᠪᠤ ᠰᠢᠭᠤᠳ ᠯᠠ᠄ | ︽ᠵᠠ ᠲᠠᠨᠤᠰ ᠬᠡᠯᠡᠴᠢᠬᠡ᠂ ᠬᠤᠨᠢ ᠶᠡᠭᠡ ᠶᠤᠮ ᠤᠤ︖ ᠬᠤᠷᠠᠭ᠎ᠠ ᠶᠡᠭᠡ ᠶᠤᠮ ᠤᠤ︖︾ ᠬᠡᠪᠡᠯ ᠲᠠᠶᠠᠭᠠᠷ ᠬᠤᠨᠢ | ᠨᠢ ᠶᠡᠭᠡ ᠬᠡᠵᠤ ᠬᠠᠷᠢᠭᠤᠯᠵᠠᠢ᠃ ᠠᠪᠤ᠄ ︽ᠲᠡᠬᠡᠪᠡᠯ ᠬᠤᠷᠠᠭᠠᠨ ᠠᠴᠠ ᠶᠡᠭᠡ ᠬᠤᠨᠢᠨ ᠠᠷᠠᠰᠤᠨ ᠲᠠᠪᠠᠯ ᠢ ᠨᠢ | ᠠᠪᠴᠢᠷᠠᠭᠠᠳ ᠪᠠᠰᠠ ᠪᠤᠯᠳᠠᠭ ᠦᠬᠡᠢ ᠨᠢ ᠶᠠᠭᠤ ᠶᠤᠮ︖︾ ᠬᠡᠵᠤ ᠠᠰᠠᠭᠤᠪᠠᠯ ᠠᠪᠤ ᠶᠢ ᠮᠡᠳᠡᠳᠡᠭ ᠬᠤᠷᠢᠮ ᠤᠨ | ᠡᠷᠬᠡᠯᠡᠭᠴᠢ ᠨᠢ᠄ ︽ᠵᠠ᠂ ᠵᠠ ᠡᠨᠡ ᠴᠤ ᠪᠤᠯ ᠬᠦᠷᠦᠰᠦ ︵ᠠᠷᠠᠰᠤ︶ ᠦᠬᠡᠢ ᠡᠷ᠎ᠡ ᠪᠠᠶᠢᠨ᠎ᠠ᠃ ᠤᠳᠤ ᠬᠡᠯᠡᠯᠴᠡᠬᠦ | ᠦᠬᠡᠢ᠂ ᠶᠤᠰᠤ ᠵᠠᠩᠰᠢᠯ ᠢᠶᠠᠨ ᠬᠦᠢᠴᠡᠭᠡ︕︾ ᠬᠡᠵᠤ ᠬᠡᠯᠡᠬᠡᠳ ᠬᠤᠶᠠᠷ ᠵᠠᠯᠠᠭᠤ ᠶᠢᠨ ᠬᠤᠷᠢᠮ ᠤᠨ ᠶᠤᠰᠤᠯᠠᠯ | ᠰᠠᠭᠠᠳ ᠲᠦᠪᠡᠭ ᠦᠬᠡᠢ ᠪᠤᠯᠤᠯ᠎ᠠ ᠬᠡᠳᠡᠭ᠃ ᠡᠨᠡ ᠪᠤᠯ ᠶᠠᠷᠤ ᠶᠢᠨ ᠨᠢᠬᠡᠨ ᠵᠢᠱᠢᠶ᠎ᠡ ᠪᠤᠯᠤᠨ᠎ᠠ᠃ ᠪᠤᠭᠤᠷᠤᠯᠴᠤᠤᠨ | ᠤᠨ ᠬᠡᠯᠡᠬᠦ ᠪᠠᠷ ᠠᠪᠤ ᠶᠢᠨ ᠰᠤᠨᠢᠨ ᠬᠠᠴᠢᠨᠦᠯᠢᠬᠡᠷ ᠬᠡᠯᠡᠬᠡᠳ ᠪᠠᠷᠠᠬᠤ ᠦᠬᠡᠢ ᠠᠷᠪᠢᠨ ᠪᠠᠶᠢᠬᠰᠠᠨ ᠬᠡᠨ᠎ᠡ᠃ | | | ᠵᠢᠷᠭᠤᠭ᠎ᠠ | ᠠᠪᠤ ᠮᠢᠨᠢ ᠮᠠᠯ ᠤᠨ ᠡᠮᠴᠢ ᠬᠦᠮᠦᠨ ᠪᠠᠶᠢᠬᠰᠠᠨ᠃ ᠵᠠᠯᠠᠭᠤ ᠳᠤ ᠪᠠᠨ ᠨᠤᠳᠤᠭ ᠤᠨ ᠨᠠᠷᠠᠳᠠᠢ ᠮᠠᠯ ᠤᠨ ᠡᠮᠴᠢ | ᠶᠢ ᠲᠠᠭᠠᠵᠤ ᠰᠤᠷᠴᠤ᠂ ᠪᠠᠷᠢᠭᠠᠳᠠ᠂ ᠪᠠᠭ᠎ᠠ ᠪᠠᠷᠢᠭᠠᠳᠠ ᠶᠢᠨ ᠮᠠᠯ ᠤᠨ ᠡᠮᠴᠢ ᠶᠢᠨ ᠠᠵᠢᠯ ᠢ ᠲᠠᠯᠠᠭᠠᠳ ᠤᠨ ᠠᠴᠠ | ᠮᠠᠩᠵᠠᠨ ᠲᠤᠭᠤᠭ᠎ᠠ ᠪᠠᠯᠪᠠᠷᠠᠳᠠᠯᠠ ᠠᠷᠪᠠᠨ ᠬᠡᠳᠤᠨ ᠵᠢᠯ ᠬᠢᠵᠤ ᠶᠠᠪᠤᠪᠠ᠃ | ᠮᠠᠯ ᠤᠨ ᠡᠮᠴᠢ ᠶᠢᠨ ᠠᠵᠢᠯ ᠪᠤᠯ ᠪᠠᠰᠠ ᠴᠤ ᠬᠠᠮᠤᠭ ᠤᠨ ᠬᠠᠳᠠᠭᠤ ᠰᠢᠷᠤᠬᠦᠨ ᠠᠵᠢᠯ ᠮᠦᠨ᠃ ᠵᠢᠯ ᠤᠨ | ᠲᠦᠷᠪᠠᠨ ᠤᠯᠠᠷᠢᠯ ᠳᠤ ᠪᠤᠳᠠ ᠪᠤᠭ ᠮᠠᠯ ᠲᠠᠢ ᠨᠤᠴᠤᠯᠳᠤᠵᠤ ᠦᠩᠬᠡᠷᠬᠡᠨᠡ᠃ | ᠡᠪᠦᠭᠡ ᠶᠢᠨ ᠬᠢ ᠪᠠᠷᠢᠭᠠᠳᠠ ᠶᠢᠨ ᠬᠠᠮᠤᠭ ᠤᠯᠠᠨ ᠦᠬᠡᠷ ᠬᠠᠷᠠᠬᠰᠠᠨ ᠡᠷᠤᠬᠡ ᠶᠤᠮ᠃ ᠰᠤᠷᠭᠠᠭᠤᠯᠢ ᠠᠴᠠ | ᠥᠢᠷ᠎ᠠ ᠪᠤᠯᠬᠤᠷ ᠪᠠᠭ᠎ᠠ ᠡᠬᠡᠴᠢ ᠪᠢᠳᠠ ᠬᠤᠶᠠᠷ ᠲᠠᠨᠳᠠ ᠠᠴᠠ ᠬᠦᠶᠦᠵᠤ ᠪᠢᠴᠢᠭ ᠰᠤᠷᠴᠤ ᠪᠠᠶᠢᠯ᠎ᠠ᠃ ᠨᠢᠬᠡ | ᠤᠳᠠᠭ᠎ᠠ ᠠᠪᠤ ᠪᠠᠷᠢᠭᠠᠳᠠ ᠶᠢᠨ ᠬᠡᠳᠤᠨ ᠮᠠᠯ ᠤᠨ ᠡᠮᠴᠢ ᠲᠠᠢ ᠢᠷᠡᠵᠤ ᠦᠬᠡᠷ ᠤᠨ ᠰᠦᠷᠦᠭ ᠲᠤ ᠡᠮ ᠴᠢᠳᠬᠤᠪᠠ᠃ | ᠤᠯᠠᠨ ᠦᠬᠡᠷ ᠢ ᠴᠠᠯᠮᠠᠳᠠᠵᠤ ᠡᠮ ᠴᠢᠳᠬᠤᠵᠤ ᠪᠠᠷᠠᠬᠤ ᠳᠤ ᠨᠢᠬᠡ ᠬᠠᠷ᠎ᠠ ᠪᠤᠬ᠎ᠠ ᠨᠢ ᠪᠠᠷᠢᠬᠳᠠᠬᠤ ᠦᠬᠡᠢ᠂ ᠰᠡᠬᠦᠯ | ᠳᠤ ᠪᠦᠷᠢᠮᠤᠰᠤᠨ ᠤᠯᠠᠶᠢᠴᠢᠬᠠᠵᠤ ᠬᠠᠰᠢᠶᠠᠨ ᠤ ᠡᠬᠦᠳᠡ ᠰᠡᠳᠡᠯᠵᠤ ᠭᠠᠷᠪᠠ᠃ ᠬᠡᠳᠤᠬᠦᠯᠡ ᠮᠤᠷᠢ ᠤᠨᠤᠵᠤ ᠤᠷᠭ᠎ᠠ | ᠰᠤᠨᠤᠯᠵᠠᠭᠤᠯᠤᠨ ᠬᠦᠬᠡᠬᠡᠵᠤ ᠰᠤᠶᠢᠳ ᠪᠤᠯᠪᠠ᠃ ᠡᠬᠡᠴᠢ ᠪᠢᠳᠠ ᠬᠤᠶᠠᠷ ᠨᠠᠯᠢᠶᠠᠳ ᠵᠠᠶᠢᠳᠠᠢ ᠲᠤᠬᠯᠠᠵᠤ ᠪᠠᠶᠢᠬᠰᠠᠨ | ᠪᠤᠯᠪᠠᠴᠤ ᠮᠤᠷᠢ ᠲᠠᠢ ᠬᠦᠮᠦᠨ ᠤ ᠦᠬᠡᠳᠡ ᠨᠢᠳᠤ ᠨᠢ ᠤᠯᠠᠶᠢᠨ ᠬᠡᠷᠤᠵᠤ ᠰᠡᠯᠡᠯᠵᠡᠭᠰᠡᠨ ᠬᠠᠷ᠎ᠠ ᠪᠤᠬ᠎ᠠ ᠶᠢ ᠦᠵᠡᠬᠡᠳ | ᠰᠢᠪᠠᠭ ᠬᠠᠷᠭᠠᠨ᠎ᠠ ᠶᠢᠨ ᠴᠠᠭᠠᠳᠠᠢ ᠨᠢᠭᠤᠵᠤ ᠬᠦᠳᠡᠯᠵᠤ ᠴᠤ ᠴᠢᠳᠠᠬᠤ ᠦᠬᠡᠢ ᠠᠶᠤᠨ ᠲᠠᠬᠵᠢᠵᠤ ᠪᠠᠶᠢᠯ᠎ᠠ᠃ | ᠤᠯᠠᠶᠢᠬᠰᠠᠨ ᠦᠬᠡᠷ ᠬᠡᠪᠡᠯ ᠠᠶᠤᠮᠰᠢᠬᠳᠠᠢ ᠭᠠᠯᠵᠠᠭᠤ ᠪᠤᠯᠴᠢᠬᠠᠳᠠᠭ ᠢ ᠰᠤᠨᠤᠰᠤᠬᠰᠠᠨ ᠠᠴᠠ ᠦᠵᠡᠭᠰᠡᠨ ᠨᠢ | ᠴᠦᠬᠡᠨ ᠪᠤᠯᠬᠤᠷ ᠰᠦᠷᠳᠡᠵᠤ ᠠᠶᠤᠬᠤ ᠶᠢ ᠬᠡᠯᠡᠬᠦ ᠶᠠᠭᠤᠨ ᠪᠤᠢ᠃ ᠡᠪᠦᠭᠡ᠄ ︽ᠭᠠᠭᠴᠠ ᠪᠤᠬ᠎ᠠ ᠳᠤ ᠲᠤᠯᠤᠬᠰᠠᠨ | ᠶᠤᠮ ᠴᠢᠨᠢ ᠡᠮᠨᠡᠬᠦ ᠦᠬᠡᠢ ᠪᠤᠯᠪᠠᠴᠤ ᠶᠠᠭᠠᠬᠢᠳᠠᠭ ᠶᠤᠮ᠂ ᠬᠡᠤᠬᠡᠳ ᠰᠢᠤᠬᠠᠳ ᠮᠦᠷᠬᠦᠴᠢᠬᠦ ᠶᠤᠮ ᠪᠠᠶᠢᠨ᠎ᠠ︾ ᠬᠡᠵᠤ | ᠠᠪᠤ ᠶᠢ ᠵᠠᠩᠨᠠᠪᠠᠴᠤ ᠠᠭᠤᠷ ᠲᠤ ᠪᠠᠨ ᠲᠡᠶᠢᠯᠳᠡᠭᠰᠡᠨ ᠠᠪᠤ ᠰᠤᠨᠤᠰᠳᠠᠭ ᠨᠢ ᠪᠢᠰᠢ᠃ ᠬᠤᠶᠠᠷ ᠡᠮᠴᠢ ᠤᠷᠭ᠎ᠠ | ᠴᠠᠯᠮ᠎ᠠ ᠵᠡᠷᠬᠡ ᠤᠷᠤᠭᠤᠯᠵᠤ ᠬᠦᠵᠦᠬᠦᠦ ᠶᠢ ᠨᠢ ᠰᠢᠬᠠᠨ ᠴᠡᠴᠡᠷᠡᠬᠦᠯᠵᠤ᠂ ᠠᠪᠤ ᠬᠤᠶᠠᠷ ᠬᠦᠯ ᠶᠢ ᠨᠢ ᠵᠡᠷᠬᠡᠳᠡ | ᠲᠡᠬᠡᠬᠡᠯᠡᠨ ᠤᠨᠠᠭᠠᠵᠤ ᠠᠳᠤᠷᠢᠳᠠᠯ᠎ᠠ ᠬᠦᠯᠢᠨ ᠴᠢᠳᠬᠤᠵᠤ ᠪᠠᠷᠠᠭᠠᠳ ᠰᠠᠨᠠᠭ᠎ᠠ ᠨᠢ ᠠᠮᠠᠷᠠᠳᠠᠭ ᠶᠤᠮ ᠪᠠᠶᠢᠨ᠎ᠠ᠃ | ᠮᠠᠨ ᠤ ᠬᠡᠷ ᠴᠠᠭᠠᠨᠳᠤᠯᠤᠭᠠᠢ ᠤᠢ ᠶᠢᠨ ᠲᠠᠯᠠᠪᠠᠢ ᠠᠴᠠ ᠬᠡᠳᠤᠬᠡᠨ ᠭᠠᠵᠠᠷ ᠵᠠᠶᠢᠳᠠᠢ ᠪᠤᠯᠬᠤᠷ ᠤᠢ ᠶᠢᠨ | ᠲᠠᠯᠠᠪᠠᠢ ᠶᠢᠨ ᠬᠠᠮᠳᠤ ᠪᠠ ᠬᠤᠪᠢ ᠡᠷᠤᠬᠡ ᠦᠬᠡᠢ ᠠᠪᠤ ᠶᠢ ᠲᠠᠭᠤᠳᠠᠵᠤ ᠦᠬᠡᠷ ᠭᠠᠭ᠋ᠠᠢ ᠡᠪᠳᠴᠢᠯᠡᠯᠡ ᠬᠡᠳ | ᠬᠡᠵᠢᠶᠡᠳᠡ ᠲᠠᠭᠤᠳᠠᠨ᠎ᠠ᠃ ᠠᠪᠤ ᠦᠨ᠎ᠡ ᠲᠦᠯᠦᠪᠤᠷᠢ ᠦᠬᠡᠢ ᠵᠡᠬᠦᠦ ᠬᠠᠳᠬᠤᠵᠤ ᠂ ᠡᠮ ᠦᠭᠴᠤ ᠡᠳᠡᠬᠡᠷᠡᠬᠦᠯᠬᠦ | ᠳᠤ ᠪᠠᠶᠠᠷᠯᠠᠬᠰᠠᠨ ᠬᠦᠮᠦᠰ ᠠᠯᠢᠮ᠎ᠠ ᠵᠢᠮᠢᠰ ᠨᠤᠭᠤᠭ᠎ᠠ ᠨᠠᠪᠴᠢ ᠬᠦᠷᠬᠡᠵᠤ ᠲᠠᠯᠠᠷᠬᠠᠨ᠎ᠠ᠃ ᠠᠪᠤ ᠤᠢ ᠰᠢᠭᠤᠢ ᠶᠢᠨ | ᠲᠠᠯᠠᠪᠠᠢ ᠳᠤ ᠮᠠᠯ ᠡᠮᠨᠡᠬᠦ ᠪᠠᠷ ᠶᠠᠪᠤᠬᠤ ᠪᠤᠯᠭᠠᠨ ᠮᠠᠨ ᠤ ᠬᠡᠷ ᠢᠶᠠᠷ ᠪᠦᠬᠡᠮ ᠪᠠᠶᠠᠷ ᠪᠤᠯᠳᠠᠭ᠃ ᠤᠴᠢᠷ ᠨᠢ ᠮᠠᠨ ᠤ | ᠬᠢᠨ ᠲᠤᠬᠠᠢ ᠶᠢᠨ ᠦᠶ᠎ᠡ ᠨᠠᠪᠴᠢ ᠨᠤᠭᠤᠭ᠎ᠠ ᠭᠤᠸ᠎ᠠ ᠵᠢᠮᠢᠰ ᠲᠠᠷᠢᠬᠤ ᠶᠢ ᠮᠡᠳᠡᠬᠦ ᠦᠬᠡᠢ ᠲᠤᠯᠠ ᠢᠳᠡᠬᠦ ᠲᠤᠬᠢᠶᠠᠯ | ᠴᠤ ᠲᠤᠩ ᠴᠦᠬᠡᠨ ᠶᠤᠮ᠃ ᠡᠵᠢ ᠯᠡ ᠭᠠᠭᠴᠠᠭᠠᠷ ᠴᠢᠷᠡᠢ ᠮᠠᠭᠤᠳᠠᠢ ᠪᠠᠶᠢᠵᠤ ᠰᠠᠶᠢᠬᠢ ᠭᠠᠰᠢᠭᠤᠨ ᠬᠠᠷ᠎ᠠ ᠠᠷᠢᠬᠢ | ᠪᠠᠷ ᠢᠶᠠᠨ ᠲᠠᠶᠢᠯᠠᠭᠠᠳ ᠪᠠᠶᠢᠬᠤ ᠳᠤ ᠨᠢ ᠲᠤᠷ᠎ᠠ ᠦᠬᠡᠶᠢᠴᠡᠳᠡᠭ᠃ | | | ᠲᠤᠯᠤᠭ᠎ᠠ | ᠠᠪᠤ ᠮᠢᠨᠢ ᠶᠤᠰᠤᠳᠠᠢ ᠯᠠ ᠠᠷᠢᠬᠢᠴᠢᠨ ᠬᠦᠮᠦᠨ ᠪᠠᠶᠢᠬᠰᠠᠨ᠃ ᠲᠠᠪᠢᠨ ᠨᠠᠢᠮᠠᠬᠠᠨ ᠨᠠᠰᠤᠳᠠᠢ ᠦᠨᠡᠨ ᠤ ᠬᠤᠷᠸ᠎ᠠ | ᠳᠤ ᠶᠠᠪᠤᠬᠰᠠᠨ ᠨᠢ ᠠᠷᠢᠬᠢᠨ ᠠᠴᠠ ᠯᠡ ᠪᠤᠯᠤᠯ᠎ᠠ ᠬᠡᠵᠤ ᠪᠢ ᠪᠤᠳᠤᠳᠠᠭ᠃ ᠡᠯᠢᠬᠡᠨ ᠬᠠᠳᠠᠭᠤᠷᠠᠯ ᠳᠤ ᠲᠠᠮᠤᠯᠠᠬᠳᠠᠨ | ᠰᠢᠳᠤ ᠵᠠᠭᠤᠨ ᠬᠡᠤᠬᠡᠳ ᠢᠶᠠᠨ ᠵᠤᠪᠠᠭᠠᠬᠤ ᠦᠬᠡᠢ ᠬᠡᠵᠤ ᠦᠪᠡᠷ ᠢᠶᠠᠨ ᠡᠷᠬᠢᠵᠤ ᠤᠷᠪᠠᠵᠤ ᠡᠪᠡᠷᠰᠢᠶᠡᠯ ᠡᠪᠡᠳᠬᠡᠯ | ᠢᠶᠠᠨ ᠨᠠᠮᠳᠠᠭᠠᠵᠤ ᠪᠠᠶᠢᠬᠰᠠᠨ ᠰᠡᠬᠦᠯᠴᠢ ᠶᠢᠨ ᠬᠡᠳᠤᠨ ᠬᠤᠨᠤᠭ ᠤᠳ ᠨᠢᠳᠤᠨ ᠳᠤ ᠬᠡᠵᠢᠶᠡᠳᠡ ᠦᠵᠡᠭᠳᠡᠬᠡᠳ | ᠪᠠᠶᠢᠳᠠᠭ᠃ ᠲᠡᠷᠡ ᠡᠳᠤᠷ ᠪᠢᠳᠠ ᠬᠡᠳᠤ ᠨᠢ ᠠᠪᠤ ᠶᠢᠨ ᠵᠤᠯᠭᠠᠬᠤ ᠬᠡᠰᠡᠨ ᠯᠠᠮᠠ ᠪᠠᠭᠰᠢ ᠶᠢ ᠵᠠᠯᠠᠵᠤ ᠢᠷᠡᠬᠦ ᠳᠤ ᠠᠪᠤ | ᠨᠢᠬᠡᠨᠳᠡ ᠮᠦᠩᠬᠡ ᠪᠤᠰᠤ ᠶᠢ ᠦᠵᠡᠬᠦᠯᠴᠢᠬᠡᠭᠰᠡᠨ ᠪᠠᠶᠢᠯ᠎ᠠ᠃ ᠬᠡᠷ ᠢᠶᠠᠷ ᠲᠦᠬᠦᠷᠡᠩ ᠬᠦᠮᠦᠰ ᠲᠠᠭᠤ ᠱᠤᠤ | ᠲᠠᠰᠤᠷᠠᠵᠤ ᠬᠦᠨᠳᠤ ᠨᠦᠰᠡᠷ ᠪᠠᠶᠢᠵᠤ ᠪᠠᠶᠢᠳᠠᠯ᠎ᠠ ᠬᠦᠷᠦᠯᠴᠡᠨ ᠢᠷᠡᠭᠰᠡᠨ ᠲᠦᠷᠦᠯ ᠤᠨ ᠡᠬᠡᠴᠢ ᠲᠡᠬᠦᠦ ᠨᠡᠷ ᠲᠠᠭᠤ | ᠲᠠᠯᠪᠢᠨ ᠤᠬᠢᠯᠠᠵᠤ᠂ ᠮᠠᠨ ᠤ ᠬᠡᠳᠤᠬᠦᠯᠡ ᠶᠢ ᠴᠤ ᠲᠤᠭᠤᠢ ᠲᠤᠭᠤᠢ ᠮᠡᠭᠰᠢᠷᠡᠬᠦᠯᠵᠤ ᠤᠷᠬᠢᠪᠠ᠃ ᠪᠢ ᠤᠬᠢᠯᠠᠬᠰᠠᠨ | ᠦᠬᠡᠢ᠂ ᠨᠠᠰᠤ ᠪᠤᠯᠤᠬᠰᠠᠨ ᠬᠦᠮᠦᠨ ᠢᠶᠠᠨ ᠨᠢᠯᠪᠤᠰᠤ ᠪᠠᠷ ᠦᠳᠡᠳᠡᠭ ᠦᠬᠡᠢ ᠠᠴᠠ ᠪᠤᠯᠤᠬᠰᠠᠨ ᠪᠤᠰᠤ᠂ ᠵᠤᠷᠢᠭ | ᠴᠢᠩᠭ᠎ᠠ ᠬᠦᠮᠦᠨ ᠨᠡᠩ ᠴᠤ ᠪᠤᠰᠤ᠃ ᠶᠠᠭᠤ ᠴᠤ ᠬᠡᠰᠡᠨ ᠮᠢᠨᠦ ᠤᠢ ᠭᠠᠰᠢᠭᠤᠳᠠᠯ ᠠᠴᠠ ᠢᠯᠡᠬᠦᠦ ᠢᠳᠡᠬᠡᠵᠤ ᠪᠤᠯᠬᠤ | ᠦᠬᠡᠢ ᠭᠤᠮᠤᠷᠬᠠᠯ ᠰᠡᠳᠬᠢᠯ ᠵᠢᠷᠤᠬᠡ ᠶᠢ ᠡᠵᠠᠯᠠᠵᠤ ᠪᠠᠶᠢᠪᠠ᠃ ᠨᠢᠬᠡ ᠵᠤᠶᠢᠯ ᠤᠨ ᠦᠯᠦ ᠮᠡᠳᠡᠬᠦ ᠪᠢᠳᠡᠬᠦᠦ ᠮᠠᠨᠠᠨ | ᠲᠠᠷᠢᠬᠢ ᠲᠤᠯᠤᠭᠠᠢ ᠶᠢ ᠮᠢᠨᠢ ᠪᠢᠳᠡᠬᠦᠷᠡᠬᠦᠯᠵᠤ ᠤᠷᠬᠢᠪᠠ᠃ ᠨᠤᠳᠤᠭ ᠤᠷᠤᠨ ᠳᠤ ᠪᠠᠨ ᠨᠠᠷ᠎ᠡ ᠬᠦᠨᠳᠤᠳᠡᠢ ᠯᠠᠮᠠ | ᠪᠠᠭᠰᠢ ᠠᠪᠤ ᠶᠢᠨ ᠬᠤᠶᠢᠳᠤᠬᠢ ᠪᠦᠬᠦ ᠶᠤᠰᠤ ᠵᠠᠩᠰᠢᠯ ᠤᠨ ᠪᠤᠯᠤᠨ ᠪᠤᠶᠠᠨ ᠤ ᠤᠶᠢᠯᠡ ᠶᠢ ᠡᠷᠬᠢᠯᠡᠵᠤ᠂ ᠠᠮᠢᠳᠤ | ᠪᠠᠶᠢᠬᠤ ᠶᠢᠨ ᠰᠠᠨᠠᠭ᠎ᠠ ᠵᠤᠷᠢᠭ ᠢ ᠨᠢ ᠬᠦᠢᠴᠡᠬᠡᠪᠡ᠃ | — — — ᠶᠠᠭᠠᠬᠢᠬᠰᠠᠨ ᠶᠡᠭᠡ ᠪᠤᠶᠠᠨ ᠲᠠᠢ ᠬᠦᠮᠦᠨ ᠶᠤᠮ ᠪᠤᠢ︖ ᠵᠢᠷᠭᠤᠭᠠᠨ ᠬᠡᠤᠬᠡᠳ ᠢᠶᠠᠨ ᠪᠡᠶ᠎ᠡ | ᠪᠦᠳᠦᠨ ᠪᠤᠯᠭᠠᠵᠤ᠂ ᠡᠪᠡᠳᠴᠢᠨ ᠲᠠᠢ ᠬᠤᠭᠤᠴᠠᠭᠠᠨ ᠳᠤ ᠪᠠᠨ ᠴᠤ ᠡᠭᠦᠷᠳᠡᠬᠦᠯᠵᠤ ᠵᠤᠪᠠᠭᠠᠬᠰᠠᠨ ᠦᠬᠡᠢ᠂ | ᠨᠡᠷᠡᠳᠡᠢ ᠪᠠᠭᠰᠢ ᠪᠠᠷ ᠥᠨᠡᠨ ᠤ ᠵᠠᠮ ᠢᠶᠠᠨ ᠵᠢᠭᠠᠯᠭᠠᠬᠰᠠᠨ ᠴᠤᠬᠤᠮ ᠴᠤ ᠪᠤᠶᠠᠨ ᠲᠠᠢ ᠬᠦᠮᠦᠨ ᠪᠠᠶᠢᠨ᠎ᠠ ᠬᠡᠵᠤ | ᠬᠡᠯᠡᠯᠴᠡᠬᠡᠨ ᠪᠤᠯᠴᠢᠬᠠᠨ᠎ᠠ᠃ | ᠡᠳᠡᠬᠡᠷ ᠬᠡᠷᠡᠭ ᠦᠬᠡᠢ ᠦᠬᠡ ᠶᠢ ᠪᠢ ᠰᠤᠨᠤᠰᠬᠤ ᠴᠤ ᠲᠤᠷ᠎ᠠ ᠦᠬᠡᠢ᠃ ᠶᠠᠮᠠᠷ ᠵᠠᠶᠠᠭᠠᠨ ᠳᠤ ᠪᠤᠶᠠᠨ ᠲᠠᠢ ᠳᠤ | ᠲᠤᠭᠤᠴᠠᠬᠳᠠᠬᠤ ᠶᠤᠮ ᠪᠤᠢ︖ ᠦᠳᠡ ᠲᠤᠮᠳᠠ ᠶᠢᠨ ᠨᠠᠰᠤᠨ ᠳᠤ ᠪᠠᠨ ᠪᠠᠶᠢᠭᠠᠳ ᠶᠢᠷᠳᠢᠨᠴᠤ ᠤᠨ ᠠᠯᠢ ᠰᠠᠶᠢᠨ | ᠰᠠᠶᠢᠬᠠᠨ ᠪᠦᠬᠦᠨ ᠢ ᠠᠵᠢᠶᠠᠷᠠᠵᠤ ᠲᠠᠭᠤᠰᠤᠭ᠎ᠠ ᠦᠬᠡᠢ ᠪᠠᠶᠢᠵᠤ ᠬᠠᠷ᠎ᠠ ᠠᠷᠢᠬᠢᠨ ᠤ ᠮᠠᠭᠤ ᠪᠠᠷ ᠲᠤᠳᠠᠭᠤ ᠲᠤᠷᠭᠤᠨ | ᠨᠠᠰᠤᠯᠠᠯ᠎ᠠ ᠬᠡᠵᠤ ᠪᠢᠳᠡᠬᠦᠦ ᠠᠭᠤᠷ ᠪᠡᠭᠳᠡᠷᠡᠯ ᠳᠤ ᠠᠪᠳᠠᠵᠤ ᠰᠠᠭᠤᠬᠰᠠᠨ ᠬᠦᠦ ᠨᠢ ᠪᠢ ᠪᠢᠯᠡ᠃ | ᠶᠤᠰᠤ ᠮᠡᠳᠡᠬᠦ ᠦᠬᠡᠢ ᠶᠤᠷᠤᠭ ᠲᠠᠨᠢᠬᠤ ᠦᠬᠡᠢ ᠶᠢᠨ ᠬᠡᠴᠡᠬᠦᠦ ᠬᠡᠵᠤ ᠬᠠᠯᠠᠳᠠᠢ ᠲᠤᠰᠳᠠᠭᠪᠠᠶᠢᠬᠤ ᠳᠤ ᠤᠬᠳᠤ | ᠤᠬᠠᠵᠤ ᠰᠡᠷᠡᠵᠤ ᠪᠠᠶᠢᠭ᠎ᠠ ᠦᠬᠡᠢ ᠵᠤᠶᠢᠯ ᠠᠯᠳᠠᠬᠰᠠᠨ ᠬᠤᠶᠢᠨ᠎ᠠ ᠬᠦᠨᠳᠤ ᠢᠷᠡᠳᠡᠭ ᠪᠠᠶᠢᠨ᠎ᠠ᠃ ᠬᠡᠵᠢᠶ᠎ᠠ ᠬᠤᠶᠢᠨ᠎ᠠ | ᠨᠢ ᠰᠡᠳᠬᠢᠯ ᠰᠡᠷᠬᠦᠬᠡᠭᠰᠡᠨ ᠤ ᠰᠡᠬᠦᠯᠡᠷ ᠪᠠᠭ᠎ᠠ ᠠᠪᠠᠭ᠎ᠠ ᠶᠢᠨ ᠳᠤ ᠤᠴᠢᠵᠤ ᠬᠡᠳᠤᠬᠡᠨ ᠬᠤᠨᠳᠠᠭ᠎ᠠ ᠠᠷᠢᠬᠢ | ᠬᠤᠳᠤᠭᠤᠳᠤᠨ ᠳᠤ ᠤᠷᠤᠬᠤ ᠳᠤ ᠯᠠ ᠠᠪᠤ ᠶᠢᠨ ᠲᠤᠬᠠᠢ ᠲᠤᠷᠠᠰᠴᠤ ᠭᠠᠭᠴᠠᠭᠠᠷᠳᠠᠯ᠂ ᠰᠦᠷᠳᠠᠯ᠂ ᠲᠦᠬᠡᠷᠢᠭᠳᠡᠯ᠂ | ᠬᠠᠷᠠᠮᠰᠠᠯ ᠤᠨ ᠮᠠᠨᠠᠨ ᠳᠤ ᠪᠦᠷᠬᠦᠭᠳᠡᠵᠤ ᠡᠭᠰᠡᠷᠡᠳᠡᠯᠡ ᠤᠬᠢᠯᠡᠵᠤ ᠪᠢᠯᠡ᠃ ᠠᠪᠤ ᠮᠢᠨᠢ ᠪᠢᠳᠠᠨ ᠳᠤ ᠪᠠᠨ ᠰᠦᠮᠪᠤᠷ | ᠠᠭᠤᠯᠠ ᠰᠢᠭ᠋ ᠲᠦᠰᠢᠭ ᠲᠤᠯᠭᠠᠭᠤᠷᠢ ᠪᠠᠶᠢᠬᠰᠠᠨ ᠢ ᠲᠠᠩᠴᠤ ᠤᠬᠠᠭᠠᠷᠠᠭ᠎ᠠ ᠦᠬᠡᠢ ᠶᠠᠪᠤᠵᠠᠢ ᠮᠠᠭᠤ ᠬᠦᠦ ᠴᠢᠨᠢ︕ | | | ᠨᠠᠢᠮᠠ | ᠠᠪᠤ ᠶᠢᠨ ᠨᠢᠬᠡ ᠨᠠᠰᠤ ᠶᠢ ᠭᠠᠰᠢᠭᠤᠨ ᠬᠠᠳᠠᠭᠤ ᠴᠠᠭ ᠦᠶ᠎ᠡ ᠢᠯᠡᠬᠦᠦ ᠡᠵᠠᠯᠠᠵᠠᠢ᠃ ᠠᠪᠤ ᠲᠥᠷᠪᠠᠨ | ᠨᠠᠰᠤᠳᠠᠢ ᠪᠠᠶᠢᠬᠤ ᠳᠤ ᠡᠮᠡᠭᠡ ᠡᠪᠡᠳᠴᠢᠨ ᠢᠶᠠᠷ ᠨᠠᠰᠤ ᠪᠠᠷᠠᠵᠠᠢ᠃ ᠨᠠᠰᠤ ᠪᠠᠷ ᠢᠶᠠᠨ ᠦᠷ᠎ᠡ ᠬᠡᠤᠬᠡᠳ ᠦᠬᠡᠢ | ᠪᠠᠭ᠎ᠠ ᠡᠪᠦᠭᠡ ᠲᠡᠶᠢᠸᠠᠩᠴᠤᠬᠳᠤ᠂ ᠡᠵᠢ ᠶᠢᠨ ᠬᠠᠶᠢᠷ᠎ᠠ ᠪᠠᠨ ᠠᠯᠳᠠᠬᠰᠠᠨ ᠠᠪᠤ ᠳᠤ ᠣᠴᠢᠷ ᠦᠬᠡᠢ ᠬᠠᠶᠢᠷ᠎ᠠ ᠲᠠᠢ | ᠪᠠᠶᠢᠵᠤ ᠤᠯᠠᠨ ᠲᠠᠬᠢᠨ ᠠᠬ᠎ᠠ ᠳᠤ ᠪᠠᠨ ᠦᠷᠡᠴᠢᠯᠡᠵᠤ ᠠᠪᠤᠶ᠎ᠠ ᠬᠡᠰᠡᠨ ᠴᠤ ᠡᠪᠦᠭᠡ ᠵᠦᠪᠰᠢᠶᠡᠷᠡᠭᠰᠡᠨ ᠦᠬᠡᠢ | ᠪᠠᠶᠢᠵᠠᠢ᠃ ᠬᠠᠷᠢᠨ ᠬᠤᠶᠢᠳᠤ ᠡᠵᠢ ᠢᠷᠡᠵᠤ ᠤᠯᠠᠨ ᠡᠬᠡᠴᠢ ᠠᠬ᠎ᠠ ᠶᠢ ᠨᠢ ᠠᠰᠠᠷᠠᠵᠤ ᠲᠡᠬᠡᠭᠰᠢ ᠲᠠᠳᠠᠬᠤ ᠳᠤ ᠲᠤᠷ᠎ᠠ | ᠲᠠᠪᠠ ᠪᠠᠷ ᠦᠰᠦᠭᠰᠡᠨ ᠬᠠᠮᠤᠭ ᠪᠠᠭ᠎ᠠ ᠬᠦᠦ ᠨᠢ ᠪᠤᠯᠬᠤ ᠠᠪᠤ ᠮᠢᠨᠢ ᠬᠠᠷᠢᠨᠦᠬᠡ ᠰᠤᠨᠤᠰᠬᠤ ᠦᠬᠡᠢ ᠮᠦᠷᠳᠡᠬᠡᠨ | ᠬᠤᠶᠢᠳᠤ ᠡᠵᠢ ᠶᠢᠨ ᠡᠮᠤᠨ᠎ᠡ ᠶᠤᠰᠤ ᠦᠬᠡᠢ ᠠᠭᠠᠰᠢᠯᠠᠵᠤ ᠡᠪᠦᠭᠡ ᠪᠠᠷ ᠬᠡᠳᠤᠨᠳᠡ ᠵᠠᠩᠨᠠᠭᠤᠯᠵᠤ ᠡᠪᠦᠭᠡ ᠶᠢᠨ ᠡᠵᠡᠬᠦᠢ | ᠳᠤ ᠬᠡᠷ ᠠᠴᠠ ᠤᠷᠭᠤᠵᠤ᠂ ᠪᠠᠭ᠎ᠠ ᠡᠪᠦᠭᠡ ᠶᠢᠨ ᠳᠤ ᠲᠤᠳᠠᠭᠠᠵᠤ ᠢᠷᠡᠵᠠᠢ᠃ ᠬᠡᠳᠤ ᠬᠤᠨᠤᠭ ᠤᠨ ᠲᠠᠷᠠᠭ᠎ᠠ ᠡᠪᠦᠭᠡ | ᠲᠠᠰᠢᠭᠤᠷ ᠰᠤᠶᠢᠷᠡᠵᠤ ᠤᠶᠠᠭᠠᠨ ᠲᠡᠬᠡᠷ᠎ᠡ ᠢᠷᠡᠬᠦ ᠳᠤ ᠪᠠᠭ᠎ᠠ ᠡᠪᠦᠭᠡ ᠦᠬᠡᠳᠡ ᠠᠴᠠ ᠨᠢ ᠦᠮᠦᠭᠯᠡᠵᠤ ᠤᠴᠢᠬᠰᠠᠨ | ᠶᠤᠮ ᠪᠠᠶᠢᠨ᠎ᠠ᠃ ᠡᠪᠦᠭᠡ ᠪᠤᠷᠭᠠᠰᠤᠨ ᠥᠪᠥᠩ ᠤᠪᠤᠬᠠᠢ ᠠᠴᠠ ᠪᠤᠯᠳᠠᠯᠵᠠᠬᠤ ᠠᠪᠤ ᠶᠢ ᠬᠠᠷᠠᠵᠤ᠂ ᠬᠠᠯᠵᠠ ᠲᠡᠮᠡᠴᠡᠬᠦ | ᠪᠠᠷ ᠢᠷᠡᠭᠰᠡᠨ ᠪᠠᠭ᠎ᠠ ᠡᠪᠦᠭᠡ ᠶᠢ ᠨᠢᠬᠡ ᠬᠠᠷᠠᠭᠠᠳ ᠡᠮᠡᠬᠡᠯ ᠤᠨ ᠲᠤᠤᠷ᠎ᠠ ᠠᠴᠠ ᠰᠢᠨᠡᠬᠡᠨ ᠲᠠᠨᠽ ᠠᠪᠴᠤ ᠭᠠᠵᠠᠷ | ᠲᠡᠬᠡᠷ᠎ᠡ ᠰᠢᠳᠡᠴᠢᠬᠡᠬᠡᠳ ᠮᠤᠷᠢᠨ ᠠᠴᠠ ᠴᠤ ᠪᠠᠭᠤᠬᠰᠠᠨ ᠦᠬᠡᠢ ᠪᠤᠴᠠᠬᠰᠠᠨ ᠪᠠᠶᠢᠵᠠᠢ᠃ ᠢᠩᠬᠢᠵᠤ ᠠᠪᠤ ᠶᠢᠰᠤᠨ | ᠨᠠᠰᠤᠳᠠᠢ ᠪᠠᠭ᠎ᠠ ᠡᠪᠦᠭᠡ ᠶᠢᠨ ᠡᠬᠦᠳᠡ ᠤᠩᠭᠤᠶᠢᠯᠭᠠᠵᠤ ᠦᠷᠡᠴᠢᠯᠡᠭᠳᠡᠭᠰᠡᠨ ᠪᠦᠬᠡᠳ ᠰᠡᠬᠦᠯ ᠳᠤ ᠪᠦᠷ ᠬᠤᠶᠠᠷ ᠠᠪᠤ | ᠪᠠᠨ ᠠᠳᠠᠯᠢᠬᠠᠨᠡᠷᠬᠦᠵᠤ ᠬᠦᠨᠳᠤᠯᠡᠵᠤ ᠢᠷᠡᠭᠰᠡᠨ ᠲᠡᠤᠬᠡ ᠲᠠᠢ ᠬᠡᠵᠤ ᠪᠠᠭ᠎ᠠ ᠡᠪᠦᠭᠡ ᠮᠢᠨᠢ ᠬᠠᠭᠤᠴᠢᠯᠠᠵᠤ ᠶᠠᠷᠢᠳᠠᠭ | ᠰᠠᠨ᠃ | ᠠᠪᠤ ᠲᠤᠯᠤᠭᠠᠨ ᠨᠠᠰᠤᠨ ᠲᠡᠬᠡᠷ᠎ᠡ ᠪᠠᠨ ᠨᠠᠩᠰᠤ ᠶᠢᠨ ᠰᠥᠮ᠎ᠡ ᠲᠡᠬᠡᠷ᠎ᠡ ᠨᠠᠮᠵᠠᠯ ᠯᠠᠮᠠ ᠶᠢᠨ ᠱᠠᠪᠢ ᠪᠠᠨᠳᠢ | ᠪᠤᠯᠵᠤ ᠬᠤᠶᠠᠷ ᠭᠤᠷᠪᠠᠨ ᠵᠢᠯ ᠨᠤᠮ ᠰᠤᠷᠪᠠ᠃ ᠰᠡᠬᠦᠯᠡᠷ ᠨᠢ ᠯᠠᠮᠠ ᠬᠦᠮᠦᠨ ᠡᠬᠡᠨᠡᠷ ᠠᠪᠴᠤ ᠠᠶᠢᠯ ᠬᠡᠷ ᠪᠤᠯᠵᠤ | ᠪᠤᠯᠳᠠᠭ ᠠᠴᠠ ᠬᠠᠶᠢᠷ᠎ᠠ ᠲᠠᠢ ᠯᠠᠮᠠ ᠪᠠᠭᠰᠢ ᠨᠢ ᠠᠶᠢᠯ ᠪᠤᠯᠵᠤ ᠠᠪᠤ ᠴᠤ ᠰᠦᠮ᠎ᠡ ᠠᠴᠠ ᠰᠠᠯᠵᠤ ᠪᠠᠭ᠎ᠠ ᠰᠤᠷᠭᠠᠭᠤᠯᠢ | ᠳᠤ ᠰᠠᠭᠤᠵᠤ ᠲᠡᠬᠦᠰᠴᠤ ᠬᠡᠷ ᠲᠤ ᠬᠠᠷᠢᠪᠠ᠃ ᠬᠤᠷᠠᠭ᠎ᠠ ᠢᠰᠢᠬᠡᠨ ᠳᠤ ᠶᠠᠪᠤᠬᠤ ᠳᠤ ᠪᠠᠨ ᠴᠠᠮᠴᠠ ᠪᠠᠨ ᠲᠠᠶᠢᠯᠠᠵᠤ | ᠪᠦᠭᠰᠡ ᠪᠠᠨ ᠤᠷᠢᠶᠠᠴᠢᠭᠠᠳ ᠴᠢᠷᠮᠠᠨ ᠨᠢᠴᠦᠬᠦᠨ ᠲᠤᠭᠠᠨ ᠤ ᠠᠮᠢᠳᠠᠨ ᠨᠠᠷᠠ ᠰᠠᠯᠬᠢᠨ ᠳᠤ ᠬᠡᠶᠢᠰᠬᠦᠯᠳᠡᠭ ᠠᠴᠠ | ᠪᠠᠭ᠎ᠠ ᠠᠴᠠ ᠪᠠᠨ ᠬᠠᠪ ᠬᠠᠷ᠎ᠠ ᠬᠦᠷᠦᠰᠦ ᠲᠠᠢ ᠪᠤᠯᠵᠠᠢ᠃ ᠦᠨᠡᠨ ᠳᠤ ᠪᠠᠨ ᠡᠮᠤᠰᠬᠦ ᠤᠯᠢᠬᠳᠠᠢ ᠬᠤᠪᠴᠠᠰᠤ ᠴᠤ | ᠦᠬᠡᠢ ᠪᠠᠶᠢᠵᠠᠢ᠃ ︽ᠬᠠᠷ᠎ᠠ ᠰᠠᠸᠠᠩ︾ ᠬᠡᠳᠡᠭ ᠨᠠᠷᠠ ᠬᠡᠤᠬᠡᠳ ᠠᠴᠠ ᠪᠠᠨ ᠲᠠᠭᠠᠵᠤ ᠢᠷᠡᠵᠠᠢ᠃ | ᠠᠪᠤ ᠤᠯᠠᠨ ᠲᠦᠮᠡᠨ ᠤ ᠠᠵᠢᠯ ᠢ ᠴᠤ ᠠᠯᠳᠠᠯ ᠦᠬᠡᠢ ᠪᠡᠶᠡᠯᠡᠬᠦᠯᠳᠡᠭ ᠨᠢᠬᠡᠨ ᠪᠠᠶᠢᠵᠠᠢ᠃ ᠱᠠᠷᠯᠢᠭ᠂ ᠲᠤᠯᠢ | ᠬᠥᠩᠱᠧ ᠪᠠᠷ ᠵᠢᠬᠡᠯᠡᠯᠬᠡ ᠶᠢᠨ ᠺᠠᠳ᠋ᠷ ᠢᠶᠠᠷ ᠶᠠᠪᠤᠵᠤ᠂ ᠪᠤᠭᠤᠳᠤ ᠬᠤᠳᠠ ᠳᠤ ᠪᠠᠶᠢᠴᠠᠭᠠᠨ ᠰᠤᠳᠤᠯᠤᠯᠳᠡ ᠬᠢᠵᠤ | ᠥᠩᠬᠡᠷᠡᠪᠡ᠃ ᠭᠠᠴᠠᠭ᠎ᠠ ᠪᠡ ᠪᠠᠷᠢᠭᠠᠳᠠ ᠶᠢᠨ ᠶᠠᠳᠠᠭᠤ ᠶᠠᠳᠠᠭᠤᠯᠢᠭ ᠮᠠᠯᠴᠢᠨ ᠤ ᠡᠪᠯᠡᠯ ᠤᠨ ᠡᠷᠬᠡᠯᠡᠭᠴᠢ ᠬᠢᠵᠤ | ᠤᠷᠤᠨ ᠤ ᠶᠠᠳᠠᠭᠤ ᠶᠠᠳᠠᠭᠤᠯᠢᠭ ᠮᠠᠯᠴᠢᠨ ᠤ ᠡᠪᠯᠠᠯ ᠤᠨ ᠲᠥᠯᠥᠬᠡᠯᠡᠭᠴᠢ ᠪᠤᠯᠵᠤ ᠬᠥᠬᠡᠬᠤᠳᠠ ᠳᠤ ᠬᠤᠷᠠᠯ ᠳᠤ | ᠤᠷᠤᠯᠴᠠᠵᠤ ᠥᠩᠬᠡᠷᠡᠪᠡ᠃ | ᠴᠠᠭᠠᠨᠳᠤᠯᠤᠭᠠᠢ ᠬᠥᠩᠱᠧ ᠶᠢᠨ ᠯᠢᠶᠠᠨ ᠸᠧᠢ ᠶᠢᠨ ᠲᠠᠷᠤᠭ᠎ᠠ ᠬᠢᠵᠤ ᠤᠷᠪᠠᠯᠭ᠎ᠠ ᠭᠠᠷᠭᠠᠬᠴᠢ ᠶᠢᠨ ᠬᠢᠨ ᠳᠤ | ᠲᠤᠬᠠᠢ ᠶᠢᠨ ᠦᠶ᠎ᠡ ᠶᠢᠨ ᠤᠷᠤᠨ ᠨᠤᠳᠤᠭ ᠤᠨ ᠤᠳᠤᠷᠢᠳᠤᠯᠭ᠎ᠠ ᠶᠠᠩ ᠬᠥᠸᠧ ᠬᠤᠸᠠ᠂ ᠴᠢ᠊ · ᠪᠠᠶᠠᠷᠮᠠᠩᠯᠠᠢ ᠲᠠᠢ | ᠬᠠᠮᠳᠤ ᠲᠡᠮᠡᠴᠠᠬᠦᠯᠵᠤ᠂ ᠪᠤᠯᠤᠤᠨ ᠬᠠᠪᠳᠠᠰᠤ ᠪᠠᠷ ᠴᠤᠬᠢᠭᠤᠯᠵᠤ᠂ ᠲᠤᠯᠤᠭᠠᠢ ᠲᠤᠬᠤ ᠪᠠᠨ ᠲᠡᠮᠡᠬᠢ ᠪᠠᠷ ᠰᠢᠷᠠᠭᠤᠯᠵᠤ᠂ | ᠨᠢᠷᠤᠭᠤ ᠪᠠᠨ ᠤᠯᠠᠶᠢᠰᠬᠠᠬᠰᠠᠨ ᠲᠠᠮᠤᠷ ᠬᠠᠳᠠᠭᠠᠰᠤ ᠪᠠᠷ ᠰᠢᠷᠠᠭᠤᠯᠵᠤ ᠬᠠᠯᠠ ᠲᠠᠮᠤ ᠥᠵᠡᠨ ᠨᠠᠰᠤᠨ ᠤ ᠰᠢᠷᠬ᠎ᠠ | ᠰᠣᠷᠪᠢ ᠥᠯᠡᠳᠡᠵᠡᠢ᠃ ᠰᠡᠬᠦᠯᠡᠷ ᠨᠢ ᠴᠠᠭᠠᠳᠬᠠᠬᠰᠠᠨ ᠬᠤᠶᠢᠨ᠎ᠠ ᠴᠤᠬᠢᠬᠰᠡᠨ ᠬᠦᠮᠦᠨ ᠲᠠᠢ ᠬᠤᠷᠤᠭᠤᠨ ᠲᠠᠳᠤᠢ | ᠦᠰᠢᠶ᠎ᠡ ᠬᠤᠨᠵᠢᠩ ᠪᠤᠳᠤᠬᠰᠠᠨ ᠦᠬᠡᠢ ᠪᠦᠬᠡᠳ ᠪᠤᠰᠤᠤᠨ ᠲᠠᠢ ᠠᠳᠠᠯᠢ ᠴᠠᠯᠢᠩ ᠨᠦᠬᠦᠪᠤᠷᠢ ᠠᠪᠬᠤ᠂ ᠬᠡᠤᠬᠡᠳ | ᠲᠤ ᠪᠠᠨ ᠠᠵᠢᠯ ᠤᠯᠭᠤᠬᠤ ᠬᠡᠭᠴᠢ ᠶᠢ ᠵᠤᠬᠢᠶᠠᠨ ᠪᠠᠶᠢᠭᠤᠯᠤᠯᠳᠠ ᠳᠤ ᠰᠢᠳᠤᠨ ᠵᠢᠪᠳᠡᠷᠡᠭᠡ ᠭᠠᠷᠭᠠᠬᠰᠠᠨ ᠦᠬᠡᠢ᠃ | ᠠᠪᠤ ᠪᠤᠯ ᠪᠠᠭ᠎ᠠ ᠵᠠᠯᠠᠭᠤ ᠨᠠᠰᠤᠨ ᠳᠤ ᠪᠠᠨ ᠬᠠᠯᠠ ᠦᠵᠡᠵᠤ ᠬᠠᠯᠠᠭᠤᠨ ᠴᠢᠯᠠᠭᠤ ᠲᠤᠯᠢᠶᠠᠬᠰᠠᠨ ᠨᠢᠬᠡᠨ | ᠪᠦᠬᠡᠳ ᠦᠳᠡᠯᠤᠨ ᠵᠢᠷᠭᠠᠬᠤ ᠶᠢᠨ ᠦᠵᠦᠬᠦᠷ ᠮᠠᠨ ᠢ ᠪᠠᠨ ᠬᠠᠶᠠᠵᠤ ᠨᠦᠬᠦᠬᠡ ᠶᠢᠷᠳᠢᠨᠴᠤ ᠳᠤ ᠶᠠᠪᠤᠬᠰᠠᠨ ᠶᠤᠮ᠃ | ᠡᠵᠢ ᠶᠢᠨ ᠬᠡᠯᠡᠳᠡᠭ ᠰᠢᠭ ᠴᠢᠷᠡᠢ ᠨᠢ ᠬᠠᠷ᠎ᠠ ᠪᠤᠯᠪᠠᠴᠤ ᠰᠠᠨᠠᠭ᠎ᠠ ᠨᠢ ᠰᠦ ᠰᠢᠭ ᠴᠠᠭᠠᠨ ᠬᠦᠮᠦᠨ ᠬᠡᠭᠴᠢ ᠠᠪᠤ ᠮᠢᠨᠢ | ᠮᠦᠨ᠃ ᠰᠡᠬᠦᠯ ᠤᠨ ᠵᠢᠯ ᠠᠴᠠ᠄ ︽ᠠᠪᠤ ᠨᠢ ᠬᠡᠪᠡᠯ ᠨᠠᠰᠤ ᠪᠠᠷ ᠢᠶᠠᠨ ᠵᠢᠷᠭᠠᠵᠤ ᠶᠠᠪᠤᠬᠰᠠᠨ ᠬᠦᠮᠦᠨ᠂ ᠡᠵᠢ ᠴᠢᠨᠢ | ᠪᠤᠯ ᠨᠠᠰᠤᠳᠠᠨ ᠠᠰᠠᠷᠠᠬᠤ᠂ ᠲᠠᠨ ᠤ ᠬᠡᠳᠤᠬᠦᠯᠡ ᠶᠢ ᠬᠦᠮᠦᠨ ᠪᠤᠯᠭᠠᠬᠤ ᠬᠡᠵᠤ ᠵᠦᠳᠡᠵᠤ ᠶᠠᠪᠤᠬᠰᠠᠨ ᠬᠦᠮᠦᠨ᠃ | ᠲᠠᠨᠤᠰ ᠡᠵᠢ ᠶᠢ ᠪᠠᠨ ᠰᠠᠶᠢᠨ ᠠᠰᠠᠷᠠ︕︾᠂ ︽ᠠᠪᠤ ᠨᠢ ᠨᠠᠰᠤ ᠪᠠᠷ ᠠᠷᠢᠬᠢ ᠤᠤᠭᠤᠬᠰᠠᠨ ᠬᠦᠮᠦᠨ᠂ ᠠᠷᠢᠬᠢᠨ | ᠬᠤᠤᠷ᠎ᠡ ᠪᠠᠶ᠎ᠠ ᠪᠠᠷᠠᠨ᠎ᠠ᠃ ᠬᠡᠤᠬᠡᠳ ᠮᠢᠨᠢ ᠬᠤᠵᠢᠮ ᠠᠷᠢᠬᠢ ᠪᠠᠭ᠎ᠠ ᠤᠤᠭᠤ᠂ ᠡᠷᠡᠬᠦᠯ ᠪᠠᠶ᠎ᠠ ᠪᠠᠨ ᠡᠷᠳᠠᠨᠢ | ᠪᠤᠯᠭᠠᠵᠤ ᠬᠠᠶᠢᠷᠯᠠᠠᠵᠤ ᠶᠠᠪᠤᠴᠠᠭᠠ︕︾ ᠬᠡᠵᠤ ᠠᠪᠤ ᠬᠡᠯᠡᠳᠡᠭ ᠨᠢ ᠠᠯᠢ ᠨᠢᠬᠡ ᠡᠳᠤᠷ ᠮᠠᠨ ᠠᠴᠠ ᠢᠳᠡᠷ ᠵᠠᠯᠠᠭᠤ | ᠪᠠᠷ ᠰᠠᠯᠵᠤ ᠶᠠᠪᠤᠬᠤ ᠪᠠᠨ ᠤᠷᠢᠳᠴᠢᠯᠠᠨ ᠮᠡᠳᠡᠵᠤ ᠪᠠᠶᠢᠬᠰᠠᠨ ᠮᠡᠳᠤ ᠪᠢᠯᠡ᠃ | ᠲᠡᠷᠡ ᠦᠶ᠎ᠡ ᠠᠮᠤ ᠲᠦᠮᠦᠰᠤ ᠠᠪᠬᠤ ᠳᠤ ᠵᠡᠷᠬᠡᠯᠳᠡᠭᠡ ᠰᠤᠮᠤᠨ ᠤ ᠠᠮᠤ ᠪᠤᠳᠠᠭᠠᠨ ᠬᠦᠮᠦᠷᠬᠡ ᠳᠤ | ᠬᠤᠨᠤᠭᠤᠳᠠ ᠦᠨᠵᠢᠬᠦᠳᠡ ᠬᠦᠯᠢᠶᠡᠨ ᠪᠠᠶᠢᠵᠤ ᠠᠪᠳᠠᠭ᠃ ᠠᠬ᠎ᠠ ᠶᠢ ᠲᠠᠭᠠᠵᠤ ᠠᠩᠬ᠎ᠠ ᠤᠳᠠᠭ᠎ᠠ ᠬᠠᠰᠠᠭ ᠲᠡᠷᠬᠡ | ᠪᠠᠷ ᠠᠮᠤ ᠪᠤᠳᠠᠭ᠎ᠠ ᠪᠠᠨ ᠠᠪᠤᠭᠠᠳ ᠤᠷᠤᠶᠢᠳᠡᠵᠤ ᠵᠠᠮ ᠳᠤ ᠲᠠᠷᠢᠶᠠᠯᠠᠩ ᠤᠨ ᠲᠠᠯᠠᠪᠠᠢ ᠠᠴᠠ ᠦᠬᠡᠷ᠎ᠡ ᠠᠶᠢᠯ | ᠲᠤᠰᠬᠤᠨ ᠦᠬᠡᠢ ᠪᠤᠯᠬᠤᠷ ᠠᠷᠭ᠎ᠠ ᠦᠬᠡᠢ ᠬᠢᠳᠡᠳ ᠠᠶᠢᠯ ᠳᠤ ᠬᠤᠨᠤᠭ ᠭᠤᠶᠤᠪᠠ᠃ ᠨᠦᠬᠦᠬᠡ ᠠᠶᠢᠯ ᠤᠨ ᠬᠢᠨ | ᠶᠠᠭᠠᠬᠢᠵᠤ ᠭᠤᠶᠤᠬᠰᠠᠨ ᠴᠤ ᠴᠢᠷᠡᠢ ᠦᠩᠬᠡ ᠲᠠᠯᠪᠢᠵᠤ ᠬᠤᠨᠤᠭᠤᠯᠬᠤ ᠦᠬᠡᠢ ᠬᠡᠳ ᠪᠠᠶᠢᠪᠠ᠃ ᠬᠡᠷ ᠤᠨ ᠡᠵᠡᠨ | ᠨᠢ ᠰᠡᠬᠦᠯ ᠳᠤ ᠠᠪᠤ ᠶᠢᠨ ᠨᠡᠷ᠎ᠡ ᠶᠢ ᠠᠰᠠᠭᠤᠵᠤ ᠮᠡᠳᠡᠬᠡᠳ ᠲᠤᠤᠷ᠎ᠠ ᠪᠠᠨ ᠡᠷᠬᠢᠯᠳᠡ ᠭᠠᠷᠴᠤ᠄ ︽ᠠᠪᠤ ᠴᠢᠨᠢ ᠰᠠᠶᠢᠨ | ᠬᠦᠮᠦᠨ ᠶᠤᠮ ᠡ᠂ ᠮᠠᠨ ᠤ ᠲᠠᠯᠠᠪᠠᠢ ᠶᠢᠨ ᠬᠢᠨ ᠪᠦᠷ ᠲᠠᠨᠢᠨ᠎ᠠ᠂ ᠶᠠᠭᠤᠨ ᠳᠤ ᠡᠷᠳᠡ ᠬᠡᠯᠡᠳᠡᠭ ᠦᠬᠡᠢ ᠪᠤᠢ︖︾ | ᠬᠡᠳ ᠠᠶᠤᠵᠤ ᠪᠠᠴᠢᠮᠳᠠᠬᠰᠠᠨ ᠪᠢᠳᠠ ᠬᠤᠶᠠᠭᠤᠯᠠ ᠶᠢᠨ ᠬᠦᠯᠦᠪᠦᠷᠢ ᠶᠢᠨ ᠤᠨᠤᠭ᠎ᠠ ᠶᠢ ᠡᠪᠡᠰᠤ ᠪᠤᠷᠳᠤᠭ᠎ᠠ ᠪᠠᠷ | ᠲᠡᠵᠢᠬᠡᠵᠤ᠂ ᠭᠤᠯᠢᠷ ᠪᠤᠳᠠᠭ᠎ᠠ ᠴᠢᠨᠠᠵᠤ ᠦᠯᠦᠨ ᠬᠡᠳᠡᠰᠤ ᠶᠢ ᠲᠦᠬᠦᠷᠬᠡᠵᠤ ᠬᠤᠨᠤᠵᠤ ᠪᠢᠯᠡ᠃ ᠠᠪᠤ ᠶᠢᠨ ᠪᠢᠳᠡᠨ | ᠳᠤ ᠦᠯᠡᠳᠡᠬᠡᠭᠰᠡᠨ ᠨᠢ ᠰᠠᠶᠢᠬᠠᠨ ᠨᠠᠷᠠ ᠰᠠᠷᠠᠭᠤᠯ ᠤᠬᠠᠭᠠᠨ ᠪᠠᠶᠢᠵᠤ ᠦᠷ᠎ᠡ ᠶᠢᠨ ᠦᠷ᠎ᠡ ᠳᠤ ᠡᠳ᠋ᠯᠡᠬᠦ ᠦᠨᠡᠳᠤ | ᠦᠪ ᠬᠦᠷᠦᠩᠬᠡ ᠪᠤᠯᠬᠤ ᠨᠢ ᠵᠦᠪᠳᠠᠢ᠃ | | ᠡᠷᠬᠢᠨ ᠰᠠᠨᠠᠬᠤ ᠳᠤ ᠡᠯᠢᠬᠡ ᠵᠢᠷᠦᠬᠡ ᠮᠢᠨᠢ ᠡᠮᠳᠡᠷᠡᠬᠦ ᠬᠡᠳ ᠪᠠᠶᠢᠬᠤ ᠶᠤᠮ᠃ ᠬᠠᠶᠢᠷ᠎ᠠ ᠶᠢᠨ ᠲᠥᠰᠢᠭ ᠠᠪᠤ | ᠮᠢᠨᠢ ᠳ᠋ᠧ︕ |